ᠱᠠᠭ᠎ᠠ
ᠨᠡᠶᠢᠲᠡᠯᠡᠭᠰᠡᠨ ᠴᠠᠭ᠄
2018-04-26
     ᠱᠠᠭ᠎ᠠ ᠳᠣᠭᠯᠠᠭᠠᠮ ᠪᠤᠯ ᠮᠠᠨ ᠤ ᠮᠤᠩᠭᠤᠯᠴᠤᠳ ᠤᠨ ᠡᠷᠳᠡ ᠳᠡᠭᠡᠳᠦ ᠦᠶ᠎ᠡ ᠠᠴᠠ ᠪᠠᠨ ᠠᠪᠤᠭᠠᠳ ᠨᠠᠭᠠᠳᠴᠣ ᠢᠷᠡᠭᠰᠡᠨ ᠦᠨᠳᠦᠰᠦᠳᠡᠨ ᠤ ᠦᠪᠡᠷᠮᠢᠴᠡ ᠤᠨᠴᠠᠯᠢᠭ ᠲᠠᠢ ᠤᠯᠮᠵᠢᠯᠠᠯᠳᠣ ᠢᠵᠠᠭᠤᠷ ᠳᠣᠭᠯᠠᠭᠠᠮ ᠳᠤ ᠳᠣᠭᠠᠴᠠᠭᠳᠠᠨ᠎ᠠ᠃      ᠱᠠᠭ᠎ᠠ ᠭᠡᠳᠡᠭ ᠨᠢ ᠬᠤᠨᠢ᠂ ᠢᠮᠠᠭ᠎ᠠ᠂ ᠦᠬᠡᠷ ᠪᠤᠯᠤᠨ ᠪᠤᠭᠤ ᠵᠡᠭᠡᠷ᠎ᠡ᠂ ᠠᠷᠭᠠᠯᠢ ᠵᠡᠷᠭᠡ ᠠᠷᠢᠶᠠᠳᠠᠨ ᠤ ᠬᠤᠶᠢᠳᠣ ᠬᠤᠶᠠᠷ ᠬᠦᠯ ᠤᠨ ᠱᠠᠭᠠᠨᠳᠣ ᠶᠢᠨ ᠶᠠᠰᠣᠨ ᠤ ᠨᠠᠷᠢᠨ ᠦᠵᠦᠬᠦᠷ ᠲᠤ ᠪᠠᠶᠢᠳᠠᠭ ᠲᠦᠷᠪᠡᠨ ᠲᠠᠯ᠎ᠠ ᠲᠠᠢ ᠵᠢᠵᠢᠭ ᠶᠠᠰᠣ ᠶᠢ ᠬᠡᠯᠡᠨ᠎ᠡ᠃ ᠱᠠᠭ᠎ᠠ ᠶᠢ ᠮᠤᠷᠢ᠂ ᠬᠤᠨᠢ᠂ ᠢᠮᠠᠭ᠎ᠠ ︵ᠦᠬᠡᠷ ᠬᠡᠬᠦ ᠴᠦ ᠪᠤᠢ︶᠂ ᠳᠡᠮᠡᠭᠡ ᠬᠡᠵᠦ ᠲᠦᠷᠪᠡᠨ ᠲᠠᠯ᠎ᠠ ᠶᠢ ᠨᠢ ᠳᠣᠰ ᠪᠦᠷᠢ ᠨᠡᠷᠡᠯᠡᠬᠦ ᠪᠦᠭᠡᠳ ᠬᠦᠮᠦᠨ᠂ ᠤᠩᠭᠤ ᠬᠡᠵᠦ ᠨᠡᠷᠡᠯᠡᠨ ᠨᠠᠭᠠᠳᠬᠤ ᠴᠦ ᠪᠠᠶᠢᠳᠠᠭ ᠃ ᠮᠤᠩᠭᠤᠯ ᠤᠯᠤᠰ ᠤᠨ ︽ᠴᠠᠭᠠᠨ ᠰᠠᠷ᠎ᠠ ᠳᠤ ᠨᠠᠭᠠᠳᠳᠠᠭ ᠵᠠᠷᠢᠮ ᠳᠣᠭᠯᠠᠭᠠᠮ︾ ᠬᠡᠬᠦ ᠨᠤᠮ ᠳᠤ ᠠᠯᠴᠣ ︵ᠮᠤᠷᠢ ︶ ᠲᠠ ︵ᠦᠬᠡᠷ ᠪᠤᠶᠤ ᠳᠡᠮᠡᠭᠡ︶ ᠪᠦᠬᠡ ︵ᠬᠤᠨᠢ︶ ᠴᠡᠭᠡ ︵ᠢᠮᠠᠭ᠎ᠠ︶ ᠬᠡᠵᠦ ᠡᠷᠳᠡ ᠦᠶ᠎ᠡ ᠳᠤ ᠨᠡᠷᠡᠯᠡᠵᠦ ᠪᠠᠶᠢᠭᠰᠠᠨ ᠳᠣᠬᠠᠢ ᠳᠡᠮᠳᠡᠭᠯᠡᠵᠦ ᠪᠠᠶᠢᠳᠠᠭ᠃      ᠱᠠᠭ᠎ᠠ ᠳᠣᠭᠯᠠᠭᠠᠮ ᠪᠤᠯ ᠮᠤᠩᠭᠤᠯ ᠬᠦᠮᠦᠨ ᠤ ᠮᠠᠯ ᠮᠠᠯᠵᠢᠯ ᠤᠨ ᠠᠮᠢᠳᠣᠷᠠᠯ ᠠᠴᠠ ᠵᠠᠭᠪᠤᠷᠴᠢᠯᠠᠨ ᠵᠤᠬᠢᠶᠠᠭᠳᠠᠭᠰᠠᠨ ᠳᠡᠦᠬᠡᠳᠦ ᠤᠯᠠᠮᠵᠢᠯᠠᠯ ᠲᠠᠢ ᠦᠨᠳᠦᠰᠦᠳᠡᠨ ᠤ ᠦᠪᠡᠷᠮᠢᠴᠡ ᠤᠨᠴᠠᠯᠢᠭ ᠲᠠᠢ᠂ ᠠᠷᠠᠳᠴᠢ ᠴᠢᠨᠠᠷ  ᠲᠠᠢ᠂ ᠠᠮᠢᠳᠣᠷᠠᠯ ᠤᠨ ᠠᠭᠤᠷ ᠠᠮᠢᠰᠬᠤᠯ ᠪᠢᠯᠬᠠᠮ᠎ᠠ ᠠᠷᠠᠳ ᠤᠨ ᠳᠣᠭᠯᠠᠭᠠᠮ ᠶᠤᠮ᠃ ᠡᠨᠡ ᠨᠢ ︽ᠶᠠᠮᠠᠷ ᠨᠢᠬᠡᠨ ᠦᠨᠳᠦᠰᠦᠳᠡᠨ ᠤ ᠤᠯᠠᠮᠵᠢᠯᠠᠯᠳᠣ ᠨᠠᠭᠠᠳᠣᠮ ᠨᠢ ᠴᠦ ᠭᠡᠰᠡᠨ ᠪᠦᠷ ᠳᠡᠳᠡᠭᠡᠷ ᠦᠨᠳᠦᠰᠦᠳᠡᠨ ᠤ ᠦᠢᠯᠡᠳᠪᠦᠷᠢᠯᠡᠯ ᠠᠮᠢᠳᠣᠷᠠᠯ ᠤᠨ ᠠᠬᠤᠢ ᠤᠷᠴᠢᠨ ᠲᠠᠢ ᠰᠢᠭᠤᠳ ᠬᠤᠯᠪᠤᠭ᠎ᠠ ᠬᠠᠷᠢᠴᠠᠭ᠎ᠠ ᠲᠠᠢ ᠪᠦᠭᠡᠳ ᠮᠥᠨ ᠳᠡᠷᠡ ᠬᠦ ᠦᠢᠯᠡᠳᠦᠯᠭᠡ ᠠᠮᠢᠳᠣᠷᠠᠯ ᠤᠨ ᠪᠦᠳᠦᠭᠡᠭᠳᠡᠬᠦᠨ ᠭᠡᠬᠦ ᠳᠤ ᠬᠦᠷᠪᠡᠯ ᠮᠤᠩᠭᠤᠯᠴᠣᠳ ᠤᠨ ᠱᠠᠭ᠎ᠠ ᠪᠠᠷ ᠳᠣᠭᠯᠠᠬᠤ ᠨᠠᠭᠠᠳᠤᠮ ᠨᠢ ᠨᠡᠩ ᠴᠦ ᠡᠶᠢᠮᠦ ᠪᠠᠶᠢᠬᠤ ᠶᠤᠰᠣᠳᠠᠢ︾᠃ ᠮᠤᠩᠭᠤᠯ ᠤᠷᠤᠨ ᠳᠤ ᠡᠷᠳᠡᠨ ᠤ ᠬᠦᠮᠦᠨ ᠤ ᠠᠮᠢᠳᠣᠷᠠᠯ᠂ ᠦᠢᠯᠡ ᠠᠵᠢᠯᠯᠠᠭᠠᠨ ᠤ ᠰᠢᠭᠤᠳ ᠳᠣᠰᠬᠠᠯ ᠪᠤᠯᠤᠨ ᠵᠤᠬᠢᠶᠠᠭᠳᠠᠭᠰᠠᠨ ᠳᠣᠭᠯᠠᠭᠠᠮ ᠴᠦ ᠴᠦᠭᠡᠨ ᠦᠬᠡᠢ ᠪᠠᠶᠢᠳᠠᠭ᠂ ᠡᠬᠦᠨ ᠤ ᠳᠤᠳᠤᠷ᠎ᠠ ᠮᠤᠩᠭᠤᠯᠴᠤᠳ ᠤᠨ ᠦᠨᠢ ᠤᠳᠠᠭᠠᠨ ᠨᠠᠭᠠᠳᠴᠣ ᠳᠣᠭᠯᠠᠵᠤ ᠢᠷᠡᠭᠰᠡᠨ ᠱᠠᠭ᠎ᠠ ᠳᠣᠭᠯᠠᠭᠠᠮ ᠤᠷᠤᠳᠠᠭ ᠪᠠᠶᠢᠨ᠎ᠠ᠃      ᠱᠠᠭ᠎ᠠ ᠳᠣᠭᠯᠠᠭᠠᠮ ᠨᠢ ᠮᠤᠩᠭᠤᠯ ᠬᠦᠮᠦᠨ ᠤ ᠠᠮᠢᠳᠣᠷᠠᠯ ᠳᠤ ᠴᠡᠩᠭᠡᠯ ᠵᠤᠭ᠎ᠠ ᠪᠤᠯᠬᠤ ᠳᠡᠳᠦᠢ ᠦᠬᠡᠢ᠂ ᠪᠠᠰᠠ ᠦᠷ᠎ᠡ ᠬᠡᠦᠬᠡᠳ ᠢᠶᠠᠨ ᠰᠣᠷᠭᠠᠬᠤ ᠪᠤᠯᠪᠠᠰᠣᠨ ᠳᠣᠭᠯᠠᠭᠠᠮ ᠪᠤᠯᠳᠠᠭ᠃ ᠮᠤᠩᠭᠤᠯᠴᠣᠳ ᠱᠠᠭ᠎ᠠ ᠳᠣᠭᠯᠠᠭᠠᠮ  ᠢᠶᠠᠷ ᠳᠠᠮᠵᠢᠨ᠂ ᠤᠯᠠᠨ ᠲᠠᠯ᠎ᠠ ᠶᠢᠨ ᠬᠦᠮᠦᠵᠢᠯ ᠬᠦᠷᠳᠡᠭᠡᠳᠡᠭ ᠪᠠᠶᠢᠯ᠎ᠠ᠃ ᠱᠠᠭ᠎ᠠ ᠪᠠᠷ ᠤᠯᠠᠨ ᠠᠭᠤᠯᠭ᠎ᠠ ᠲᠠᠢ ᠳᠣᠭᠯᠠᠭᠠᠮ ᠨᠠᠭᠠᠳᠣᠭᠤᠯᠵᠤ᠂ ᠬᠡᠦᠬᠡᠳ ᠢᠶᠠᠨ ᠬᠠᠷᠠᠬᠠᠨ ᠪᠠᠭ᠎ᠠ ᠠᠴᠠ ᠪᠠᠨ ᠪᠡᠶ᠎ᠡ ᠮᠠᠬᠠᠪᠤᠳ ᠤᠨ ᠪᠤᠶᠢᠵᠢᠯᠳᠠ ᠪᠠ ᠤᠢ ᠤᠬᠠᠭᠠᠨ ᠢ ᠨᠢ ᠨᠡᠮᠡᠭᠳᠡᠬᠦᠯᠵᠦ᠂ ᠠᠬᠠᠰ ᠵᠠᠬᠠᠰ ᠢᠶᠠᠨ ᠬᠦᠨᠳᠦᠯᠡᠬᠦ᠂ ᠳᠡᠬᠦᠦ ᠨᠠᠷ ᠢᠶᠠᠨ ᠬᠠᠶᠢᠷᠠᠯᠠᠬᠤ᠂ ᠨᠦᠬᠦᠳ ᠲᠠᠢ ᠪᠠᠨ ᠬᠠᠷᠢᠯᠴᠠᠨ ᠪᠦᠯᠬᠦᠮᠳᠡᠬᠦ᠂ ᠴᠢᠷᠮᠠᠶᠢᠨ ᠰᠢᠮᠳᠠᠵᠤ ᠡᠷᠳᠡᠮ ᠰᠣᠷᠬᠤ᠂ ᠶᠤᠰᠣ ᠮᠤᠷᠠᠯ ᠲᠠᠢ ᠳᠠᠷᠤᠤ ᠨᠤᠮᠤᠬᠠᠨ ᠠᠰᠪᠤᠷᠢ ᠴᠠᠭᠠᠪᠤᠷ ᠬᠦᠮᠦᠨ ᠪᠤᠯᠬᠤ ᠶᠤᠰᠤ ᠤᠴᠢᠷ ᠢ ᠳᠠᠨᠢᠭᠤᠯᠤᠨ ᠬᠦᠮᠦᠵᠢᠬᠦᠯᠦᠨ ᠰᠣᠷᠭᠠᠳᠠᠭ᠃ ᠪᠠᠰᠠ ᠮᠠᠯᠴᠢᠨ ᠬᠦᠮᠦᠨ ᠤ ᠠᠮᠢᠳᠣᠷᠠᠯ ᠳᠤ ᠳᠠᠳᠣᠯᠭ᠎ᠠ ᠬᠢᠯᠬᠡᠵᠦ᠂ ᠮᠠᠯ ᠮᠠᠯᠵᠢᠯ᠂ ᠠᠵᠢᠯ ᠬᠦᠳᠡᠯᠮᠦᠷᠢ ᠶᠢᠨ ᠳᠣᠬᠠᠢ ᠤᠯᠠᠨ ᠬᠦᠮᠦᠵᠢᠯ ᠤᠯᠭᠤᠳᠠᠭ᠃ ᠡᠶᠢᠮᠦ ᠠᠴᠠ ᠬᠡᠦᠭᠡᠳ ᠪᠠᠭᠠᠴᠣᠳ ᠬᠠᠷᠠᠬᠠᠨ ᠪᠠᠭ᠎ᠠ ᠠᠴᠠ ᠪᠠᠨ ᠱᠠᠭ᠎ᠠ ᠳᠣᠭᠯᠠᠭᠠᠮ ᠨᠠᠭᠠᠳᠴᠤ ᠬᠦᠮᠦᠨ ᠪᠤᠯᠬᠤ ᠶᠢᠨ ᠠᠩᠬᠠᠨ ᠤ ᠰᠠᠭᠤᠷᠢ ᠮᠡᠳᠡᠯᠭᠡ ᠶᠢ ᠬᠦᠷᠳᠡᠳᠡᠭ  ᠤᠴᠢᠷᠳᠠᠢ᠃
 
ᠢᠷᠡᠯᠲᠡ᠄ ᠳᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号