ᠮᠡᠨ ᠤ ᠬᠤᠰᠢᠭᠤ ᠠᠮᠠᠷᠠᠯᠳᠠ ᠶᠢᠨ ᠡᠳᠦᠷ ᠢᠶᠠᠷ ᠬᠤᠪᠢ ᠶᠢᠨ ᠮᠠᠰᠢᠨ ᠢᠶᠠᠷ ᠵᠤᠭᠠᠴᠠᠬᠤ ᠲᠤᠬᠢᠳᠡᠢ ᠭᠠᠵᠠᠷ ᠪᠤᠯᠪᠠ
ᠨᠡᠶᠢᠲᠡᠯᠡᠭᠰᠡᠨ ᠴᠠᠭ᠄
2018-05-17
     ᠲᠠᠪᠤᠨ ᠰᠠᠷ᠎ᠠ ᠶᠢᠨ ᠨᠢᠭᠡᠨ ᠤ ᠠᠮᠠᠷᠠᠯᠳᠠ ᠪᠠᠷ ᠮᠡᠨ ᠤ ᠬᠤᠰᠢᠭᠤᠨ ᠤ ᠵᠤᠭᠠᠴᠠᠯ ᠤᠨ ᠵᠠᠬ᠎ᠠ ᠲᠡᠯᠭᠡᠭᠦᠷ ᠡᠯᠪᠡᠭ ᠪᠠᠶᠠᠯᠢᠭ ᠠᠭᠤᠯᠭ᠎ᠠ ᠪᠠᠷ ᠵᠤᠭᠠᠴᠠᠬᠰᠠᠳ ᠲᠤ ᠬᠠᠷᠠᠭᠠᠯᠵᠠᠯ ᠦᠵᠡᠭᠦᠯᠵᠦ᠂ ᠦᠢᠯᠡᠴᠢᠯᠡᠭᠡ ᠪᠠᠨ ᠲᠡᠭᠡᠭᠰᠢᠯᠡᠭᠦᠯᠦᠭᠰᠡᠨ ᠠᠴᠠ ᠵᠤᠭᠠᠴᠠᠬᠰᠠᠳ ᠤᠨ ᠲᠤᠭ᠎ᠠ ᠨᠠᠮᠡᠭᠳᠡᠨ ᠵᠤᠭᠠᠴᠠᠯ ᠤᠨ ᠤᠷᠤᠯᠭ᠎ᠠ ᠶᠠᠭᠡᠪᠡᠷ ᠲᠡᠭᠡᠭᠰᠢᠯᠡᠭᠰᠡᠨ ᠪᠠᠶᠢᠨ᠎ᠠ᠃      ᠲᠠᠪᠤᠨ ᠰᠠᠷ᠎ᠠ ᠶᠢᠨ ᠨᠢᠭᠡᠨ ᠤ ᠠᠮᠠᠷᠠᠯᠳᠠ ᠪᠠᠷ ᠪᠦᠭᠦ ᠬᠤᠰᠢᠭᠤ ᠨᠠᠶᠢᠳᠡ 3.46 ᠲᠦᠮᠡᠨ ᠭᠦᠮᠦᠨ ᠤᠳᠠᠭ᠎ᠠ  ᠶᠢᠨ ᠵᠤᠭᠠᠴᠠᠬᠰᠠᠳ ᠢ ᠤᠬᠳᠤᠵᠤ᠂ ᠡᠭᠦᠨ ᠳᠤ ᠨᠢᠭᠡ ᠡᠳᠦᠷ ᠤᠨ ᠬᠤᠭᠤᠴᠠᠭ᠎ᠠ ᠲᠠᠢ ᠵᠤᠭᠠᠴᠠᠬᠰᠠᠳ 2.39 ᠲᠦᠮᠡᠨ ᠭᠦᠮᠦᠨ ᠤᠳᠠᠭ᠎ᠠ ᠳᠤ ᠭᠦᠷᠴᠦ᠂ ᠬᠤᠨᠤᠬᠯᠠᠬᠰᠠᠨ ᠵᠤᠭᠠᠴᠠᠬᠰᠠᠳ 1.07 ᠲᠦᠮᠡᠨ ᠭᠦᠮᠦᠨ ᠤᠳᠠᠭ᠎ᠠ ᠪᠠᠶᠢᠵᠤ᠂ ᠵᠤᠭᠠᠴᠠᠯ ᠤᠨ ᠶᠡᠷᠦᠩᠭᠡᠢ ᠤᠷᠤᠯᠭ᠎ᠠ 3530 ᠲᠦᠮᠡᠨ ᠲᠦᠭᠦᠷᠢᠭ ᠲᠤ ᠭᠦᠷᠪᠠ᠃ ᠰᠢᠷᠬᠤᠰᠤ ᠵᠢᠭᠤᠯᠴᠢᠯᠠᠯ ᠤᠨ ᠤᠷᠤᠨ 1.12 ᠲᠦᠮᠡᠨ ᠭᠦᠮᠦᠨ ᠤᠳᠠᠭ᠎ᠠ᠂ ᠴᠠᠭᠠᠨ ᠰᠦᠯᠳᠡ ᠵᠢᠭᠤᠯᠴᠢᠯᠠᠯ ᠤᠨ ᠤᠷᠤᠨ 0.81 ᠲᠦᠮᠡᠨ ᠭᠦᠮᠦᠨ ᠤᠳᠠᠭ᠎ᠠ ᠵᠤᠭᠠᠴᠠᠬᠰᠠᠳ ᠢ ᠤᠬᠳᠤᠬᠰᠠᠨ ᠪᠠᠶᠢᠨ᠎ᠠ᠃      ᠵᠤᠭᠠᠴᠠᠬᠰᠠᠳ ᠤᠨ ᠤᠯᠠᠩᠬᠢ ᠨᠢ ᠦᠩᠭᠡᠷᠡᠭᠰᠡᠨ ᠵᠢᠯ ᠤᠳ ᠲᠠᠢ ᠪᠠᠨ ᠠᠳᠠᠯᠢ ᠭᠤᠤᠯᠳᠠᠭᠤ ᠵᠢᠩᠪᠢᠶᠠᠨ᠂ ᠲᠠᠮᠡᠭᠡᠳᠦ᠂ ᠢᠷᠭᠠᠢ᠂ ᠭᠦᠭᠡᠬᠤᠳᠡ᠂ ᠪᠤᠭᠤᠳᠤ ᠪᠠ ᠤᠷᠳᠤᠰ ᠬᠤᠳᠠ ᠶᠢᠨ ᠤᠶᠢᠷ᠎ᠠ ᠬᠠᠪᠢ ᠶᠢᠨ ᠵᠤᠭᠠᠴᠠᠬᠰᠠᠳ ᠪᠠᠶᠢᠵᠤ᠂ ᠤᠯᠠᠩᠬᠢ ᠨᠢ ᠬᠤᠪᠢ ᠶᠢᠨ ᠮᠠᠰᠢᠨ ᠢᠶᠠᠨ ᠵᠢᠯᠣᠭᠤᠳᠣᠨ ᠮᠠᠨ ᠤ ᠬᠤᠰᠢᠭᠤᠨ ᠳᠤ ᠢᠷᠡᠵᠤ᠂ ᠨᠤᠮᠢᠨ ᠲᠠᠩᠰᠤᠭ ᠦᠤᠰᠢᠨ ᠤ ᠵᠤᠭᠠᠴᠠᠯ ᠤᠨ ᠵᠠᠬ᠎ᠠ ᠲᠡᠯᠭᠡᠭᠦᠷ ᠢ ᠭᠦᠭᠵᠢᠭᠡᠨ᠂ ᠲᠠᠪᠤᠨ ᠰᠠᠷ᠎ᠠ ᠶᠢᠨ ᠨᠢᠭᠡᠨ ᠤ ᠤᠬᠤᠷᠬᠠᠨ ᠠᠮᠠᠷᠠᠯᠳᠠ ᠪᠠᠨ ᠤᠳᠬ᠎ᠠ ᠠᠭᠤᠯᠭ᠎ᠠ ᠲᠠᠢ ᠦᠩᠭᠡᠷᠡᠭᠡᠭᠰᠡᠨ ᠪᠠᠶᠢᠨ᠎ᠠ᠃
 
ᠢᠷᠡᠯᠲᠡ᠄ ︽ᠨᠣᠮᠢᠨ ᠳᠠᠩᠰᠤᠭ ᠦᠣᠰᠢᠨ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号