ᠤᠷᠴᠢᠮ ᠤᠨ ᠡᠳᠤᠷ᠂ ᠮᠡᠨ ᠤ ᠬᠤᠰᠢᠭᠤᠨ ᠤ ᠰᠢᠬᠦᠬᠦ ᠬᠤᠷᠢᠶ᠎ᠠ ᠬᠤᠯᠠᠭᠠᠶᠢᠯᠠᠭᠰᠠᠨ ᠶᠠᠯᠠᠳᠤ ᠬᠡᠷᠡᠭ ᠤᠨ | ᠰᠡᠵᠢᠭᠳᠡᠨ ᠵᠠᠩ ᠤᠪᠤᠭᠳᠤ ︵ᠶᠠᠪᠠ ᠬᠥᠮᠤᠨ︶ ᠪᠠ ᠮᠠ ᠤᠪᠤᠭᠳᠤ ︵ᠶᠠᠪᠠ ᠬᠦᠮᠦᠨ︶ ᠶᠢᠨ ᠡᠷᠡᠬᠦᠥ ᠶᠢᠨ ᠬᠡᠷᠡᠭ ᠢ | ᠬᠢᠨᠠᠨ ᠰᠢᠬᠦᠵᠦ᠂ ᠵᠠᠭᠠᠯᠳᠤᠭᠳᠠᠭᠴᠢ ᠵᠠᠩ ᠤᠪᠤᠭᠳᠤ᠂ ᠮᠠ ᠤᠪᠤᠭᠳᠤ ᠶᠢ ᠳᠤᠰ ᠳᠤᠰ ᠵᠢᠷᠭᠤᠭᠠᠨ ᠰᠠᠷ᠎ᠠ ᠶᠢᠨ | ᠬᠤᠭᠤᠴᠠᠭ᠎ᠠ ᠲᠠᠢ ᠬᠤᠷᠢᠬᠤ ᠪᠠᠷ ᠰᠢᠬᠦᠨ ᠲᠠᠰᠤᠯᠬᠤ ᠶᠢᠨ ᠬᠠᠮᠳᠤ 1000 ᠲᠥᠬᠦᠷᠢᠭ ᠢᠶᠠᠷ ᠲᠤᠷᠭᠠᠵᠠᠢ᠃ | 2017 ᠤᠨ ᠤ 12 ᠰᠠᠷ ᠠ ᠶᠢᠨ 25 ᠤ ᠡᠳᠤᠷ᠂ ᠵᠠᠭᠠᠯᠳᠤᠭᠳᠠᠭᠴᠢ ᠵᠠᠩ ᠤᠪᠤᠭᠳᠤ ᠪᠠ ᠮᠠ ᠤᠪᠤᠭᠳᠤ | ᠮᠠᠨ ᠤ ᠬᠤᠰᠢᠭᠤᠨ ᠤ ᠭᠠᠯᠠᠭᠤᠳᠤ ᠪᠠᠯᠭᠠᠰᠤᠨ ᠤ ᠨᠢᠬᠡᠨ ᠬᠡᠳᠤ ᠲᠡᠯᠬᠡᠬᠦᠷ ᠤᠨ ᠡᠬᠦᠳᠡ ᠶᠢ ᠡᠪᠳᠡᠨ ᠨᠡᠬᠡᠬᠡᠵᠦ᠂ | ᠠᠷᠠᠳ ᠤᠨ ᠵᠤᠭᠤᠰ 1250 ᠲᠥᠬᠦᠷᠢᠭ ᠢ ᠬᠤᠯᠠᠭᠠᠶᠢᠯᠠᠨ ᠠᠪᠤᠭᠰᠨᠨ ᠤ ᠲᠠᠷᠠᠭ᠎ᠠ᠂ ᠬᠤᠶᠠᠳᠤᠭᠠᠷ ᠡᠳᠤᠷ ᠨᠢ | ᠱᠠᠨᠰᠢ ᠮᠤᠵᠢ ᠶᠢᠨ ᠹᠥ᠋ ᠬᠥ᠋ ᠰᠢᠶᠠᠨ ᠤ ᠹᠥ᠋ ᠬᠥ᠋ ᠪᠠᠯᠭᠠᠰᠤᠨ ᠳᠤ ᠲᠤᠳᠠᠭᠠᠨ ᠬᠥᠷᠴᠤ᠂ ᠥᠷᠬᠦᠯᠵᠢᠯᠡᠨ ᠶᠠᠯᠠᠳᠤ | ᠠᠵᠢᠯᠯᠠᠭ᠎ᠠ ᠬᠢᠵᠠᠢ᠃ ᠲᠡᠳᠡ ᠲᠤᠬᠠᠢ ᠶᠢᠨ ᠭᠠᠵᠠᠷ ᠤᠨ ᠨᠢᠬᠡᠨ ᠬᠡᠳᠤ ᠲᠡᠯᠬᠡᠬᠦᠷ ᠲᠤ ᠵᠠᠪᠰᠢᠨ ᠤᠷᠤᠵᠦ᠂ ᠮᠥᠡᠭᠬᠦ | ᠬᠤᠷᠢᠶᠠᠬᠤ ᠲᠠᠶᠢᠰᠡᠠ ᠲᠤᠳᠤᠷ᠎ᠠ ᠠᠴᠠ 800 ᠲᠥᠬᠦᠷᠢᠭ ᠬᠤᠯᠠᠭᠠᠶᠢᠯᠠᠨ ᠠᠪᠴᠠᠢ᠃ ᠬᠤᠰᠢᠭᠤ ᠰᠢᠬᠦᠬᠦ ᠬᠤᠷᠢᠶ᠎ᠠ | ᠲᠤᠰ ᠬᠡᠷᠡᠭ ᠢ ᠬᠥᠯᠢᠶᠠᠨ ᠠᠪᠤᠭᠰᠠᠨ ᠤ ᠲᠠᠷᠠᠭ᠎ᠠ᠂ ᠬᠤᠶᠠᠷ ᠵᠠᠭᠠᠯᠳᠤᠭᠳᠠᠭᠴᠢ ᠶᠠᠪᠠ ᠬᠥᠮᠤᠨ ᠪᠤᠯᠬᠤᠷ | ᠭᠤᠶᠤᠴᠢᠯᠠᠯ ᠢᠶᠠᠨ ᠬᠡᠪ ᠤᠨ ᠶᠤᠰᠤᠭᠠᠷ ᠢᠯᠡᠳᠬᠡᠵᠦ ᠴᠢᠳᠠᠬᠤ ᠥᠬᠡᠢ ᠪᠠᠶᠢᠪᠠ᠃ ᠡᠶᠢᠮᠤᠷᠬᠦᠦ ᠤᠨᠴᠠᠭᠠᠢ ᠪᠠᠶᠢᠳᠠᠯ | ᠲᠤᠤᠷ᠎ᠠ ᠲᠡᠳᠡᠨᠤᠰ ᠤᠨ ᠥᠮᠥᠭᠯᠡᠬᠦ ᠡᠷᠬᠡ ᠪᠠ ᠪᠤᠰᠤᠳ ᠵᠢᠭᠤᠷᠠᠯᠳᠤᠭᠠᠨ ᠤ ᠡᠷᠬᠡ ᠶᠢ ᠬᠠᠤᠯᠢ ᠶᠤᠰᠤᠭᠠᠷ ᠡᠳ᠋ᠯᠡᠬᠦ ᠶᠢ | ᠪᠠᠳᠤᠯᠠᠬᠤ ᠶᠢᠨ ᠲᠥᠯᠥᠬᠡ ᠰᠢᠬᠦᠯᠳᠡ ᠡᠬᠢᠯᠡᠬᠦ ᠠᠴᠠ ᠡᠮᠤᠨ᠎ᠠ ᠲᠡᠮᠡᠬᠡᠳᠤ ᠬᠤᠳᠠ ᠶᠢᠨ ᠵᠢᠩᠪᠢᠶᠠᠨ ᠰᠢᠶᠠᠨ ᠤ | ᠤᠨᠴᠠᠭᠠᠢ ᠰᠤᠷᠭᠠᠨ ᠬᠥᠮᠥᠵᠢᠯ ᠤᠨ ᠰᠤᠷᠭᠠᠭᠤᠯᠢ ᠠᠴᠠ ᠲᠤᠰᠬᠠᠢ ᠮᠡᠷᠬᠡᠵᠢᠯ ᠤᠨ ᠭᠠᠷ ᠲᠤᠬᠢᠶᠠᠨ ᠤ ᠪᠠᠭᠰᠢ ᠶᠢ | ᠤᠷᠢᠵᠦ ᠬᠤᠶᠠᠷ ᠵᠠᠭᠠᠯᠳᠤᠭᠳᠠᠭᠴᠢ ᠶᠢᠨ ᠰᠢᠬᠦᠯᠳᠡ ᠳᠤ ᠭᠠᠷ ᠲᠤᠬᠢᠶᠠᠨ ᠤ ᠤᠷᠴᠢᠭᠤᠯᠭ᠎ᠠ ᠬᠠᠨᠭ᠍ᠭᠠᠵᠠᠢ᠃ | ᠬᠢᠨᠠᠨ ᠰᠢᠬᠦᠯᠳᠡ ᠲᠤᠮᠳᠠ᠂ ᠰᠢᠬᠦᠭᠴᠢ ᠠᠴᠠ ᠥᠬᠡ ᠶᠠᠷᠢᠶᠠᠨ ᠤ ᠬᠤᠷᠳᠤᠴᠠ ᠪᠠᠨ ᠠᠭᠠᠵᠢᠮ ᠪᠠᠶᠢᠯᠭᠠᠵᠦ᠂ | ᠬᠢᠨᠠᠨ ᠰᠢᠬᠦᠬᠦ ᠠᠶᠢᠵᠠᠮ ᠢᠶᠠᠨ ᠲᠤᠬᠢᠷᠠᠮᠵᠢᠳᠠᠢ ᠡᠵᠡᠮᠳᠡᠨ᠂ ᠭᠠᠷ ᠲᠤᠬᠢᠶᠠᠨ ᠤ ᠪᠠᠭᠰᠢ ᠲᠠᠢ ᠢᠵᠢᠯ ᠠᠯᠬᠤᠮ ᠢᠶᠠᠷ | ᠤᠨᠤᠪᠴᠢᠳᠠᠢ ᠤᠷᠴᠢᠭᠤᠯᠬᠤ ᠳᠤ ᠲᠥᠬᠦᠮ ᠪᠤᠯᠭᠠᠵᠠᠢ᠃ ᠭᠠᠷ ᠲᠤᠬᠢᠶᠠᠨ ᠤ ᠪᠠᠭᠰᠢ ᠭᠠᠷ ᠤᠨ ᠬᠥᠳᠡᠯᠤᠯ ᠤᠨ | ᠪᠠᠶᠢᠳᠠᠯ ᠪᠠ ᠲᠤᠬᠢᠶᠠᠨ ᠤ ᠬᠡᠯᠡ ᠪᠠᠷ ᠰᠢᠬᠦᠭᠴᠢ ᠲᠠᠷᠤᠭ᠎ᠠ᠂ ᠠᠯᠪᠠᠨ ᠤ ᠵᠠᠭᠠᠯᠳᠤᠭᠴᠢ ᠶᠢᠨ ᠥᠬᠡ ᠶᠠᠷᠢᠶ᠎ᠠ ᠶᠢ | ᠬᠤᠶᠠᠷ ᠵᠠᠭᠠᠯᠳᠤᠭᠳᠠᠭᠴᠢ ᠳᠤ ᠲᠠᠪᠴᠢᠶᠡᠷᠢ ᠲᠠᠢ ᠪᠠᠷ ᠲᠠᠮᠵᠢᠭᠤᠯᠵᠦ᠂ ᠵᠠᠭᠠᠯᠳᠤᠭᠳᠠᠭᠴᠢ ᠶᠢᠨ ᠭᠠᠷ ᠤᠨ ᠬᠦᠳᠡᠯᠥᠯ | ᠪᠠ ᠠᠮᠠᠨ ᠤ ᠬᠦᠳᠡᠯᠥᠯ ᠤᠨ ᠬᠡᠯᠪᠡᠷᠢ ᠶᠢ ᠨᠠᠷᠢᠯᠢᠭ ᠢᠯᠭᠠᠨ᠂ ᠵᠠᠭᠠᠯᠳᠤᠭᠳᠠᠭᠴᠢ ᠶᠢᠨ ᠥᠨᠡᠨ ᠪᠤᠳᠠᠳᠤ ᠰᠠᠨᠠᠭ᠎ᠠ ᠶᠢ | ᠰᠢᠬᠦᠬᠦ ᠲᠢᠩᠬᠢᠮ ᠳᠤ ᠲᠠᠮᠵᠢᠭᠤᠯᠬᠤ ᠶᠢ ᠪᠠᠳᠤᠯᠠᠵᠠᠢ᠃ ᠪᠥᠬᠦ᠋ᠢᠯᠡ ᠬᠢᠨᠠᠨ ᠰᠢᠬᠦᠯᠳᠡ ᠶᠢᠨ ᠶᠠᠪᠤᠴᠠ ᠲᠥᠷᠢᠮᠵᠢᠬᠦᠨ᠂ | ᠲᠡᠰ ᠲᠠᠷᠠᠭᠠᠯᠠᠯ ᠲᠠᠢ ᠶᠠᠪᠤᠭᠳᠠᠵᠦ᠂ ᠵᠠᠭᠠᠯᠳᠤᠭᠴᠢ ᠥᠮᠦᠭᠯᠡᠭᠴᠢ ᠬᠤᠶᠠᠷ ᠲᠠᠯ᠎ᠠ ᠪᠠ ᠵᠠᠭᠠᠯᠳᠤᠭᠳᠠᠭᠴᠢ ᠯᠤᠭ᠎ᠠ ᠶᠢᠨ | ᠰᠤᠯᠢᠯᠴᠠᠭᠠᠨ ᠤ ᠬᠠᠷᠰᠢ ᠰᠠᠭᠠᠳ ᠢ ᠢᠯᠠᠨ ᠲᠠᠪᠠᠵᠦ᠂ ᠪᠥᠳᠤᠮᠵᠢᠳᠠᠢ ᠪᠠᠷ ᠨᠡᠪᠳᠡᠷᠡᠯᠴᠠᠨ᠂ ᠲᠤᠰ ᠤᠳᠠᠭᠠᠨ ᠤ | ᠤᠨᠴᠠᠭᠠᠢ ᠰᠢᠬᠦᠨ ᠲᠠᠰᠤᠯᠤᠯᠳᠡ ᠶᠢ ᠤᠷᠤᠭᠰᠢᠳᠠᠢ ᠶᠠᠪᠤᠭᠳᠠᠭᠤᠯᠤᠨ᠂ ᠵᠠᠭᠠᠯᠳᠤᠭᠳᠠᠭᠴᠢ ᠶᠢᠨ ᠬᠠᠤᠯᠢ ᠶᠤᠰᠤᠨ ᠤ | ᠡᠷᠬᠡ ᠠᠰᠢᠭ ᠢ ᠬᠥᠨᠳᠤᠳᠬᠡᠨ ᠪᠠᠳᠤᠯᠠᠭᠰᠠᠨ ᠢᠶᠠᠷ ᠵᠠᠭᠠᠯᠳᠤᠭᠳᠠᠭᠴᠢ ᠶᠢᠨ ᠬᠡᠷ ᠤᠨ ᠬᠥᠮᠥᠰ ᠤᠨ ᠰᠠᠶᠢᠨ | ᠥᠨᠡᠯᠡᠯᠳᠡ ᠶᠢ ᠤᠯᠵᠠᠢ᠃ |