ᠰᠠᠷᠠᠭᠤᠯᠨᠤᠲᠤᠭ ᠭᠠᠴᠠᠭᠠᠨ ᠤ ᠦᠨᠲᠦᠰᠦᠲᠡᠨ ᠤ ᠭᠠᠷ ᠤᠷᠠᠯᠠᠯ ᠤᠨ ᠪᠡᠶᠡᠴᠢᠯᠡᠨ ᠣᠶᠢᠯᠠᠭᠠᠬᠤ ᠪᠣᠯᠪᠠᠰᠣᠷᠠᠯ ᠬᠢᠬᠦ ᠰᠠᠭᠤᠷᠢᠨ ᠭᠠᠵᠠᠷ ᠪᠠᠷᠢᠯᠭ᠎ᠠ ᠡᠭᠢᠯᠡᠪᠡ
ᠨᠡᠶᠢᠲᠡᠯᠡᠭᠰᠡᠨ ᠴᠠᠭ᠄
2018-05-18
     2018 ᠤᠨ ᠤ 5 ᠰᠠᠷ᠎ᠠ ᠶᠢᠨ 14   ᠤ ᠡᠲᠤᠷ᠂ ᠰᠠᠷᠠᠭᠤᠯᠨᠤᠲᠤᠭ ᠭᠠᠴᠠᠭᠠᠨ ᠤ ᠦᠨᠲᠦᠰᠦᠲᠡᠨ ᠤ ᠭᠠᠷ ᠤᠷᠠᠯᠠᠯ ᠤᠨ ᠪᠡᠶᠡᠴᠢᠯᠡᠨ ᠣᠶᠢᠯᠠᠭᠠᠬᠤ ᠪᠣᠯᠪᠠᠰᠣᠷᠠᠯ ᠬᠢᠬᠦ ᠰᠠᠭᠤᠷᠢᠨ ᠭᠠᠵᠠᠷ ᠤᠨ ᠪᠠᠷᠢᠯᠭ᠎ᠠ ᠡᠭᠢᠯᠡᠭᠦ ᠶᠤᠰᠤᠯᠠᠯ ᠠᠮᠵᠢᠯᠳᠠᠳᠠᠢ ᠶᠠᠪᠤᠬᠲᠠᠪᠠ᠃ ᠶᠤᠰᠤᠯᠠᠯ ᠳᠤ ᠬᠤᠰᠢᠭᠤ ᠦᠨᠲᠦᠰᠦᠲᠡᠨ ᠱᠠᠰᠢᠨ ᠰᠤᠷᠲᠠᠬᠤᠨ ᠤ ᠭᠡᠷᠡᠭ ᠡᠷᠭᠢᠯᠡᠭᠦ ᠲᠤᠪᠴᠢᠶ᠎ᠠ᠂ ᠭᠠᠯᠠᠭᠤᠲᠤ ᠪᠠᠯᠭᠠᠰᠤᠨ ᠤ ᠠᠷᠠᠳ ᠤᠨ ᠵᠠᠰᠠᠭ ᠤᠨ ᠤᠷᠲᠤᠨ ᠵᠡᠷᠬᠡ ᠬᠤᠯᠪᠣᠭᠳᠠᠯ ᠪᠦᠬᠦᠢ ᠪᠠᠶᠢᠭᠤᠯᠭ᠎ᠠ ᠨᠢᠭᠡᠴᠢ ᠶᠢᠨ ᠣᠳᠣᠷᠢᠳᠣᠯᠭ᠎ᠠ ᠵᠢᠴᠢ ᠪᠠᠷᠢᠯᠭ᠎ᠠ ᠶᠢᠨ ᠪᠠᠶᠢᠭᠤᠯᠭ᠎ᠠ ᠶᠢᠨ ᠬᠠᠷᠢᠭᠤᠴᠠᠯᠭᠠᠲᠠᠨ ᠤᠷᠤᠯᠴᠠᠪᠠ      ᠨᠡᠶᠢᠭᠡᠮ ᠤᠨ ᠭᠦᠭᠵᠢᠯᠲᠡ ᠪᠠ ᠵᠠᠬ᠎ᠠ ᠲᠡᠯᠭᠡᠭᠦᠷ ᠤᠨ ᠭᠡᠷᠡᠭᠴᠡᠭᠡ ᠠᠴᠠ ᠪᠤᠯᠵᠤ᠂ ᠦᠨᠲᠦᠰᠦᠲᠡᠨ ᠤ ᠭᠠᠷ ᠤᠷᠠᠯᠠᠯ ᠤᠨ ᠪᠦᠲᠦᠭᠡᠭᠲᠡᠭᠦᠨ ᠨᠢ ᠤᠯᠠᠨ ᠨᠡᠶᠢᠲᠡ ᠶᠢᠨ ᠠᠩᠬᠠᠷᠤᠯ ᠢ ᠲᠠᠲᠠᠨ᠂ ᠦᠨᠲᠦᠰᠦᠲᠡᠨ ᠤ ᠤᠨᠴᠠᠯᠢᠭ ᠲᠠᠢ ᠭᠠᠷ ᠤᠷᠠᠯᠠᠯ ᠤᠨ ᠪᠦᠲᠦᠭᠡᠭᠲᠡᠭᠦᠨ ᠢ ᠦᠢᠯᠡᠳᠴᠦ ᠵᠠᠰᠠᠬᠤ ᠭᠦᠮᠦᠰ ᠴᠤ ᠤᠯᠠᠮ ᠠᠴᠠ ᠠᠷᠪᠢᠨ ᠪᠤᠯᠵᠤ ᠢᠷᠡᠵᠠᠢ᠃ ᠡᠨᠡᠭᠦ ᠪᠠᠶᠢᠲᠠᠯ ᠳᠤ ᠴᠢᠭᠯᠡᠭᠦᠯᠦᠨ᠂ ᠰᠠᠷᠠᠭᠤᠯᠨᠤᠲᠤᠭ ᠭᠠᠴᠠᠭ᠎ᠠ ᠦᠨᠲᠦᠰᠦᠲᠡᠨ ᠤ ᠭᠠᠷ ᠤᠷᠠᠯᠠᠯ ᠪᠠ ᠵᠢᠭᠤᠯᠴᠢᠯᠠᠯ  ᠤᠨ ᠦᠢᠯᠡᠰ ᠢ ᠤᠶᠠᠯᠲᠤᠭᠤᠯᠤᠨ ᠭᠦᠭᠵᠢᠭᠦᠯᠵᠦ᠂ ᠣᠯᠠᠨ ᠲᠦᠮᠡᠨ ᠳᠤ ᠦᠨᠲᠦᠰᠦᠲᠡᠨ ᠤ ᠤᠯᠠᠮᠵᠢᠯᠠᠯᠲᠤ ᠭᠠᠷ ᠤᠷᠠᠯᠠᠯ ᠤᠨ ᠪᠦᠲᠦᠭᠡᠭᠲᠡᠭᠦᠨ ᠪᠠ ᠵᠠᠰᠠᠬᠤ ᠤᠷ᠎ᠠ ᠮᠡᠷᠭᠡᠵᠢᠯ ᠢ  ᠤᠶᠢᠯᠠᠭᠠᠭᠤᠯᠤᠨ ᠮᠡᠲᠡᠭᠦᠯᠵᠦ ᠰᠤᠷᠤᠯᠴᠠᠭᠤᠯᠬᠤ  ᠶᠢᠨ ᠲᠦᠯᠦᠭᠡ᠂ 49 ᠲᠦᠮᠡᠨ ᠲᠦᠭᠦᠷᠢᠭ ᠤᠨ ᠪᠡᠯᠡ ᠤᠷᠤᠭᠤᠯᠤᠨ ᠦᠨᠲᠦᠰᠦᠲᠡᠨ ᠤ ᠭᠠᠷ ᠤᠷᠠᠯᠠᠯ ᠤᠨ ᠪᠡᠶᠡᠴᠢᠯᠡᠨ ᠣᠶᠢᠯᠠᠭᠠᠬᠤ ᠪᠣᠯᠪᠠᠰᠣᠷᠠᠯ ᠬᠢᠬᠦ ᠰᠠᠭᠤᠷᠢᠨ ᠭᠠᠵᠠᠷ ᠢ ᠪᠠᠶᠢᠭᠤᠯᠬᠤ ᠪᠠᠷ ᠪᠣᠯᠣᠭᠰᠠᠨ ᠪᠠᠶᠢᠨ᠎ᠠ᠃      ᠰᠠᠷᠠᠭᠤᠯᠨᠤᠲᠤᠭ ᠭᠠᠴᠠᠭᠠᠨ ᠤ ᠦᠨᠲᠦᠰᠦᠲᠡᠨ ᠤ ᠭᠠᠷ ᠤᠷᠠᠯᠠᠯ ᠤᠨ ᠪᠡᠶᠡᠴᠢᠯᠡᠨ ᠣᠶᠢᠯᠠᠭᠠᠬᠤ ᠪᠣᠯᠪᠠᠰᠣᠷᠠᠯ ᠬᠢᠬᠦ ᠰᠠᠭᠤᠷᠢᠨ ᠭᠠᠵᠠᠷ ᠨᠢ 200 ᠲᠡᠭᠰᠢ ᠲᠦᠷᠪᠡᠯᠵᠢᠨ ᠮᠧᠲᠷ ᠤᠨ ᠭᠢᠴᠢᠶᠡᠯ ᠤᠨ ᠭᠡᠷ ᠪᠠ 100 ᠲᠡᠭᠰᠢ ᠲᠦᠷᠪᠡᠯᠵᠢᠨ ᠮᠧᠲᠷ ᠤᠨ ᠮᠠᠯᠴᠢᠳ ᠤᠨ ᠤᠯᠠᠮᠵᠢᠯᠠᠯᠲᠤ ᠭᠠᠷ ᠤᠷᠠᠯᠠᠯ ᠤᠨ ᠪᠦᠲᠦᠭᠡᠭᠲᠡᠭᠦᠨ   ᠤ ᠲᠡᠯᠭᠡᠨ ᠦᠵᠡᠭᠦᠯᠦᠯᠭᠡ ᠶᠢᠨ ᠲᠢᠩᠭᠢᠮ ᠢᠶᠠᠷ ᠪᠦᠷᠢᠯᠲᠦᠵᠤ᠂ ᠦᠵᠡᠬᠦᠯᠥᠯᠬᠡ ᠶᠢᠨ ᠲᠢᠩᠭᠢᠮ ᠨᠢ ᠭᠤᠶᠤ ᠰᠠᠶᠢᠬᠠᠨ᠂ ᠪᠠᠶᠢᠰᠢᠷᠢᠯ ᠢᠶᠠᠷ ᠲᠠᠪᠠᠭᠤᠯᠢᠭ᠂ ᠵᠠᠮ ᠬᠠᠷᠢᠯᠴᠠᠭ᠎ᠠ ᠪᠠᠷ ᠲᠦᠭᠦᠮ ᠶᠤᠮ᠃
 
ᠢᠷᠡᠯᠲᠡ᠄ ᠭᠠᠯᠠᠭᠤᠲᠤ ᠪᠠᠯᠭᠠᠰᠤᠨ ᠤ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号