| ᠬᠠᠪᠤᠷ ᠤᠨ ᠳᠠᠷᠢᠶᠠᠯᠠᠭ᠎ᠠ ᠶᠢᠨ ᠴᠠᠬ ᠢᠶᠠᠷ᠂ ᠦᠤᠰᠢᠨᠵᠤᠤ ᠪᠠᠯᠭᠠᠰᠤ ᠶᠢᠨ ᠪᠠᠶᠠᠨᠳᠤᠯᠤᠭᠠᠢ ᠭᠠᠴᠠᠭᠠᠨ ᠤ | ᠮᠠᠯᠴᠢᠨ ᠬᠤᠪᠢᠰᠬᠠᠯᠴᠡᠴᠡᠭ ᠤᠨ ᠳᠠᠷᠢᠶᠡᠨ ᠭᠠᠵᠠᠷ ᠲᠤ ᠭᠠᠵᠠᠷ ᠡᠷᠬᠢᠬᠦᠯᠬᠦ ᠮᠠᠰᠢᠨ᠂ ᠪᠤᠷᠳᠤᠭᠤᠷ ᠤᠷᠤᠭᠤᠯᠬᠤ | ᠮᠠᠰᠢᠨ ᠡᠷᠴᠢᠮ ᠲᠠᠢ ᠠᠵᠢᠯᠯᠠᠨ᠎ᠠ᠃ ᠡᠨᠡ ᠨᠢ ᠭᠠᠴᠠᠭᠠᠨ ᠤ ᠠᠬᠢᠳᠤ ᠳᠠᠷᠢᠶᠠᠯᠠᠩ ᠤᠨ ᠮᠠᠰᠢᠨ ᠮᠡᠷᠭᠡᠵᠢᠯ ᠤᠨ | ᠦᠢᠯᠡᠴᠢᠯᠡᠬᠡᠨ ᠤ ᠬᠤᠷᠰᠢᠶᠠᠵᠢᠯ ᠠᠴᠠ ᠶᠠᠳᠠᠭᠤ ᠬᠦᠴᠢᠷᠳᠡᠯᠳᠡᠢ ᠡᠷᠦᠬᠡ ᠳᠤ ᠬᠢᠮᠳᠡ ᠦᠨ᠎ᠡ ᠶᠢᠨ ᠳᠠᠷᠢᠶᠠᠯᠠᠩ ᠤᠨ | ᠮᠠᠰᠢᠨ ᠤ ᠦᠢᠯᠡᠴᠢᠯᠡᠭᠡ ᠬᠠᠨᠭ᠍ᠭᠠᠵᠤ ᠪᠠᠶᠢᠬᠤ ᠦᠵᠡᠭᠳᠡᠯ ᠪᠤᠯᠤᠨ᠎ᠠ᠃ | ︽ᠬᠤᠷᠰᠢᠶᠠᠵᠢᠯ ᠤᠨ ᠮᠠᠰᠢᠨ ᠨᠢᠳᠤᠨᠤᠨ ᠴᠦ ᠮᠠᠨ ᠤ ᠳᠤ ᠢᠷᠡᠵᠤ ᠠᠵᠢᠯ ᠬᠢᠵᠤ ᠦᠭᠬᠦᠯ᠎ᠡ᠂ ᠬᠡᠵᠢᠶ᠎ᠡ | ᠳᠠᠭᠤᠳᠠᠪᠠᠯ ᠬᠡᠵᠢᠶ᠎ᠡ ᠢᠷᠡᠴᠢᠬᠡᠨ᠎ᠡ᠂ ᠦᠨ᠎ᠡ ᠨᠢ ᠵᠠᠬ᠎ᠠ ᠳᠡᠯᠬᠡᠬᠦᠷ ᠠᠴᠠ ᠭᠤᠷᠪᠡᠨ ᠤ ᠨᠢᠬᠡ ᠬᠢᠮᠳᠡ᠂ ᠦᠢᠯᠡᠴᠢᠯᠡᠭᠡ | ᠴᠤ ᠨᠡᠶᠢᠳᠠᠪᠤᠷᠢᠳᠡᠢ᠂ ᠡᠨᠡ ᠬᠤᠶᠠᠷ ᠵᠢᠯ ᠤᠨ ᠳᠠᠷᠢᠶ᠎ᠡ ᠳᠦᠮᠦᠰᠦ᠂ ᠡᠪᠡᠰᠦ ᠪᠤᠷᠳᠤᠭ᠎ᠠ ᠴᠤ ᠬᠤᠷᠢᠶᠡᠯᠳᠡ ᠰᠠᠶᠢᠨ | ᠪᠤᠯᠵᠠᠢ᠃ ᠭᠠᠳᠠᠨᠠᠬᠢ ᠪᠤᠯ ᠮᠦ ᠪᠦᠷᠢ ᠳᠤ ᠨᠡᠶᠢᠳᠡᠮ 45 ᠳᠦᠬᠦᠷᠢᠭ᠂ ᠳᠠᠷᠢᠶᠡᠨ ᠭᠠᠵᠠᠷ ᠪᠠᠭ᠎ᠠ ᠠᠶᠢᠯ ᠳᠤ ᠪᠤᠯ | 50 ᠳᠦᠬᠦᠷᠢᠭ ᠴᠦ ᠬᠦᠷᠳᠡᠭ︾ ᠬᠡᠵᠤ ᠬᠤᠪᠢᠰᠬᠠᠯᠴᠡᠴᠡᠭ ᠶᠠᠷᠢᠨ᠎ᠠ᠃ ︽ᠳᠠᠷᠢᠶᠠᠯᠠᠩ ᠤᠨ ᠮᠠᠰᠢᠨ ᠳᠧᠭᠨᠢᠭ ᠤᠨ | ᠬᠤᠷᠰᠢᠶᠠᠵᠢᠯ ᠨᠢ ᠬᠡᠰᠢᠬᠦᠨ ᠡᠷᠦᠬᠡ ᠳᠤ ᠪᠤᠯ ᠮᠠᠰᠢᠨ ᠤ ᠳᠤᠰᠤᠨ ᠰᠦᠢᠳᠬᠡᠯ᠂ ᠵᠢᠯᠤᠭᠤᠴᠢ ᠶᠢᠨ ᠬᠦᠯᠦᠰᠦ ᠯᠡ | ᠬᠤᠷᠢᠶᠠᠵᠤ᠂ ᠶᠠᠳᠠᠭᠤ ᠬᠦᠴᠢᠷᠳᠡᠯᠳᠡᠢ ᠡᠷᠦᠬᠡ ᠳᠤ ᠮᠦ ᠪᠦᠷᠢ ᠳᠤ 14 ᠳᠦᠬᠦᠷᠢᠭ ᠬᠤᠷᠢᠶᠡᠵᠤ ᠡᠬᠦᠨ ᠳᠤ 2 | ᠳᠦᠬᠦᠷᠢᠭ ᠨᠢ ᠮᠠᠰᠢᠨ ᠢᠶᠠᠨ ᠠᠷᠠᠴᠢᠯᠠᠬᠤ ᠰᠦᠢᠳᠬᠡᠯ ᠪᠠᠭᠳᠠᠨ᠎ᠠ︾ ᠬᠡᠵᠤ ᠳᠤᠰ ᠬᠤᠷᠰᠢᠶᠠᠵᠢᠯ ᠢ ᠡᠬᠦᠰᠬᠡᠨ | ᠪᠠᠶᠢᠭᠤᠯᠤᠬᠴᠢ ᠳᠦᠬᠦᠷᠡᠩᠮᠠᠨᠳᠤᠯᠠ ᠪᠠᠶᠢᠳᠠᠯ ᠢ ᠳᠠᠨᠢᠯᠴᠠᠭᠤᠯᠵᠤ ᠪᠠᠶᠢᠯ᠎ᠠ᠃ | ᠦᠤᠰᠢᠨᠵᠤᠤ ᠪᠠᠯᠭᠠᠰᠤ ᠶᠢᠨ ᠪᠠᠶᠠᠨᠳᠤᠯᠤᠭᠠᠢ ᠭᠠᠴᠠᠭᠠᠨ ᠤ ᠠᠬᠢᠳᠤ ᠳᠠᠷᠢᠶᠠᠯᠠᠩ ᠤᠨ ᠮᠠᠰᠢᠨ ᠮᠡᠷᠭᠡᠵᠢᠯ ᠤᠨ | ᠦᠢᠯᠡᠴᠢᠯᠡᠬᠡᠨ ᠤ ᠬᠤᠷᠰᠢᠶᠠᠵᠢᠯ 2016 ᠤᠨ ᠳᠤ ᠪᠠᠶᠢᠭᠤᠯᠤᠬᠳᠠᠵᠤ᠂ 24 ᠬᠡᠰᠢᠬᠦᠨ ᠡᠷᠦᠬᠡ᠂ ᠠᠷᠪᠠᠭᠠᠳ | ᠶᠠᠳᠠᠭᠤ ᠬᠦᠴᠢᠷᠳᠡᠯᠳᠡᠢ ᠡᠷᠦᠬᠡ ᠬᠤᠪᠢ ᠤᠷᠤᠵᠤ᠂ 28 ᠳᠦᠮᠡᠨ ᠳᠦᠬᠦᠷᠢᠭ ᠤᠨ ᠳᠠᠷᠢᠶᠠᠯᠠᠩ ᠤᠨ ᠮᠠᠰᠢᠨ | ᠬᠤᠳᠠᠯᠳᠤᠨ ᠠᠪᠴᠤ᠂ ᠭᠠᠴᠠᠭ᠎ᠠ ᠶᠢᠨ ᠪᠤᠰᠤᠳ ᠭᠤᠴᠢᠭᠠᠳ ᠶᠠᠳᠠᠭᠤ ᠬᠦᠴᠢᠷᠳᠡᠯᠳᠡᠢ ᠡᠷᠦᠬᠡ ᠳᠤ ᠬᠢᠮᠳᠡ | ᠦᠨ᠎ᠡ ᠶᠢᠨ ᠳᠠᠷᠢᠶᠠᠯᠠᠩ ᠤᠨ ᠮᠠᠰᠢᠨ ᠤ ᠦᠢᠯᠡᠴᠢᠯᠡᠭᠡ ᠬᠠᠨᠭ᠍ᠭᠠᠵᠤ ᠰᠠᠶᠢᠨ ᠰᠠᠶᠢᠬᠠᠨ ᠡᠬᠢᠯᠡᠯᠳᠡᠲ᠋ᠠᠢ ᠪᠤᠯᠵᠠᠢ᠃ | ᠨᠢᠳᠤᠨᠤᠨ᠂ ᠳᠤᠰ ᠭᠠᠴᠠᠭᠠᠨ ᠤ ᠬᠤᠯᠪᠤᠭ᠎ᠠ ᠪᠠᠶᠢᠭᠤᠯᠤᠨ ᠳᠡᠳᠬᠦᠨ ᠳᠡᠮᠵᠢᠬᠦ ᠪᠠᠶᠢᠭᠤᠯᠭ᠎ᠠ ᠪᠤᠯᠬᠤ ᠦᠤᠰᠢᠨ | ᠬᠤᠰᠢᠭᠤᠨ ᠤ ᠰᠤᠶᠤᠯ ᠤᠨ ᠳᠤᠪᠴᠢᠶ᠎ᠡ ᠪᠠᠶᠢᠴᠠᠭᠠᠨ ᠰᠤᠳᠤᠯᠤᠯᠳᠡ ᠬᠢᠬᠦ ᠳᠤᠮᠳᠠ ᠭᠠᠴᠠᠭ᠎ᠠ ᠳᠤᠰᠬᠤᠨ ᠤ | ᠳᠠᠷᠢᠶᠠᠯᠠᠩ ᠤᠨ ᠮᠠᠰᠢᠨᠴᠢᠯᠡᠯᠳᠡ ᠶᠢᠨ ᠬᠡᠮᠵᠢᠶ᠎ᠡ ᠳᠤᠤᠷ᠎ᠡ᠂ ᠪᠡᠯᠡ ᠮᠦᠡᠭᠬᠦ ᠳᠤᠳᠠᠬᠳᠠᠯ ᠲᠠᠢ ᠪᠠᠶᠢᠳᠠᠯ ᠢ ᠦᠨᠳᠦᠰᠦᠯᠡᠨ | ᠬᠤᠷᠰᠢᠶᠠᠵᠢᠯ ᠤᠨ ᠳᠠᠶᠢᠴᠢᠯᠠᠬᠤ ᠦᠢᠯᠡᠳᠦᠯ ᠢ ᠪᠠᠳᠠᠷᠠᠭᠤᠯᠬᠤ ᠪᠠᠷ ᠬᠠᠮᠢᠶ᠎ᠠ ᠪᠦᠬᠦᠢ ᠪᠠᠶᠢᠭᠤᠯᠭ᠎ᠠ ᠲᠠᠢ ᠵᠤᠬᠢᠴᠠᠵᠤ | ᠮᠠᠰᠢᠨ ᠳᠤᠨᠤᠬ ᠬᠤᠳᠠᠯᠳᠤᠨ ᠠᠪᠬᠤ᠂ ᠬᠦᠮᠦᠷᠬᠡ ᠪᠠᠶᠢᠭᠤᠯᠬᠤ ᠳᠤ 29 ᠳᠦᠮᠡᠨ ᠳᠦᠬᠦᠷᠢᠭ ᠤᠨ ᠨᠦᠬᠦᠪᠦᠷᠢ | ᠤᠯᠭᠤᠵᠤ᠂ ᠮᠠᠰᠢᠨ ᠳᠤᠨᠤᠬ ᠢ ᠨᠢ ᠪᠦᠷᠢᠨ ᠳᠦᠬᠦᠷ ᠪᠤᠯᠭᠠᠵᠤ᠂ ᠤᠨᠢᠨ ᠳᠡᠬᠡᠷ᠎ᠡ ᠨᠢ ᠶᠠᠳᠠᠭᠤ ᠶᠢ ᠳᠡᠳᠬᠦᠬᠦ ᠂ | ᠠᠵᠤ ᠦᠢᠯᠡᠰ ᠢᠶᠠᠷ ᠶᠠᠳᠠᠭᠤ ᠶᠢ ᠳᠡᠳᠬᠦᠬᠦ ᠳᠤ ᠳᠦᠯᠬᠢᠬᠦ ᠬᠦᠴᠦᠨ ᠪᠤᠯᠭᠠᠵᠠᠢ᠃ ᠬᠤᠷᠰᠢᠶᠠᠵᠢᠯ ᠨᠢ ᠤᠳᠤᠬᠠᠨ | ᠪᠤᠯᠳᠠᠯ᠎ᠠ ᠳᠤᠰ ᠭᠠᠴᠠᠭᠠᠨ ᠤ ᠵᠢᠷᠠᠭᠠᠳ ᠡᠷᠦᠬᠡ᠂ ᠪᠤᠰᠤᠳ ᠭᠠᠴᠠᠭ᠎ᠠ ᠶᠢᠨ ᠭᠤᠴᠢᠭᠠᠳ ᠶᠠᠳᠠᠭᠤ ᠬᠦᠴᠢᠷᠳᠡᠯᠳᠡᠢ | ᠡᠷᠦᠬᠡ ᠶᠢᠨ 3000 ᠭᠠᠷᠤᠢ ᠮᠦ ᠳᠠᠷᠢᠶᠡᠨ ᠳᠤ ᠠᠷᠪᠠᠭᠠᠳ ᠳᠦᠮᠡᠨ ᠳᠦᠬᠦᠷᠢᠭ ᠤᠨ ᠦᠷᠳᠡᠭ ᠪᠦᠬᠦᠢ | ᠳᠠᠷᠢᠶᠠᠯᠠᠩ ᠤᠨ ᠮᠠᠰᠢᠨ ᠤ ᠦᠢᠯᠡᠴᠢᠯᠡᠭᠡ ᠬᠠᠨᠭ᠍ᠭᠠᠬᠰᠡᠨ ᠪᠠᠶᠢᠨ᠎ᠠ᠃ ︽ᠶᠠᠳᠠᠭᠤ ᠬᠦᠴᠢᠷᠳᠡᠯᠳᠡᠢ ᠡᠷᠦᠬᠡ ᠶᠢᠨ | ᠰᠠᠭᠤᠷᠢ ᠳᠦᠬᠦᠬᠡᠷᠦᠮᠵᠢ ᠶᠢᠨ ᠪᠦᠳᠦᠬᠡᠨ ᠪᠠᠶᠢᠭᠤᠯᠤᠯᠳᠠ ᠳᠤᠳᠠᠮᠠᠬ᠂ ᠮᠦᠨ ᠴᠤ ᠰᠠᠭᠤᠷᠢ ᠳᠦᠬᠦᠬᠡᠷᠦᠮᠵᠢ ᠶᠢᠨ | ᠪᠦᠳᠦᠬᠡᠨ ᠪᠠᠶᠢᠭᠤᠯᠤᠯᠳᠠ ᠶᠢᠨ ᠳᠠᠪᠬᠤᠷᠳᠡᠯ ᠠᠴᠠ ᠵᠠᠶᠢᠯᠠᠰᠬᠢᠵᠤ᠂ ᠬᠤᠷᠰᠢᠶᠠᠵᠢᠯ᠂ ᠳᠤᠯᠤᠭᠠᠢᠢᠯᠠᠭᠴᠢ ᠠᠵᠤ | ᠠᠬᠤᠢᠢᠯᠡᠯ ᠢ ᠳᠡᠮᠵᠢᠬᠦ ᠪᠠᠷ ᠳᠠᠶᠢᠴᠢᠯᠡᠨ ᠳᠠᠭᠠᠭᠤᠯᠬᠤ ᠦᠢᠯᠡᠳᠦᠯ ᠢ ᠨᠢ ᠪᠠᠳᠠᠷᠠᠭᠤᠯᠵᠤ᠂ ᠠᠵᠤ ᠦᠢᠯᠡᠰ ᠢᠶᠠᠷ | ᠶᠠᠳᠠᠭᠤ ᠶᠢ ᠳᠡᠳᠬᠦᠬᠦ ᠶᠢ ᠬᠡᠷᠡᠭᠵᠢᠬᠦᠯᠵᠤ ᠪᠤᠢ︾ ᠬᠡᠵᠤ ᠦᠤᠰᠢᠨ ᠬᠤᠰᠢᠭᠤᠨ ᠤ ᠰᠤᠶᠤᠯ ᠤᠨ ᠳᠤᠪᠴᠢᠶᠡᠨ ᠤ | ᠳᠠᠷᠤᠭ᠎ᠠ ᠰᠤᠶᠤᠯᠳᠤᠬᠳᠠᠬᠤ ᠳᠠᠨᠢᠯᠴᠠᠭᠤᠯᠵᠤ ᠪᠠᠶᠢᠭᠰᠠᠨ ᠪᠢᠯᠡ᠃ | |