ᠬᠠᠰᠬᠡᠷᠡᠯᠳᠤ ᠶᠢᠨ ᠬᠢᠨ ᠤ ᠲᠥᠴᠢᠨ ᠵᠢᠯ ᠤᠨ ᠬᠤᠪᠢᠷᠠᠯᠳᠠ
ᠨᠡᠶᠢᠲᠡᠯᠡᠭᠰᠡᠨ ᠴᠠᠭ᠄
2018-05-21
     ᠥᠭᠰᠤᠨ ᠤᠷᠤᠭᠤᠳᠠᠬᠤ ᠠᠮᠢᠳᠤᠷᠠᠯ ᠤᠨ ᠥᠷᠬᠡᠨ ᠵᠠᠢ ᠳᠤ ᠤᠯᠠᠨ ᠵᠢᠯ ᠤᠨ ᠪᠤᠭᠤᠷᠤᠯ ᠰᠠᠯᠬᠢᠨ ᠢ ᠲᠤᠭᠤᠯᠤᠭᠰᠠᠨ ᠲᠠᠯ᠎ᠠ ᠨᠤᠳᠤᠭ ᠮᠠᠨᠢ ᠴᠣ ᠰᠢᠨ᠎ᠠ ᠲᠥᠷᠬᠦ ᠪᠠᠷ ᠲᠤᠳᠤᠷᠠᠵᠦ᠂ ᠡᠬᠡ ᠭᠠᠵᠠᠷ ᠤᠨ ᠲᠠᠮᠠᠭ᠎ᠠ ᠬᠡᠮᠡᠭᠳᠡᠭᠰᠨᠨ ᠬᠡᠷ ᠤᠷᠤᠨ ᠨᠢ ᠮᠠᠯᠴᠢᠨ ᠠᠶᠢᠯ ᠤᠨ ᠠᠵᠤ ᠠᠮᠢᠳᠤᠷᠠᠯ ᠤᠨ ᠬᠢᠨ ᠤ ᠬᠤᠪᠢᠷᠠᠯ ᠬᠥᠭᠵᠢᠯ ᠢ ᠬᠠᠷᠠᠭᠤᠯᠳᠠᠭ ᠪᠠᠶᠢᠭᠰᠠᠨ ᠪᠤᠯ ᠬᠠᠰᠬᠡᠷᠡᠯᠳᠤ ᠶᠢᠨ ᠲᠡᠭᠡᠷ᠎ᠡ ᠵᠠᠭᠤᠨ ᠤ ᠲᠠᠪᠢᠭᠠᠳ ᠤᠨ ᠠᠴᠠ ᠤᠳᠤᠬᠢ ᠬᠥᠷᠳᠡᠯᠡᠬᠢ ᠤᠷᠤᠨ ᠰᠠᠭᠤᠴᠠ ᠪᠠᠨ ᠪᠥᠷᠢᠨ ᠪᠥᠳᠤᠨ ᠬᠠᠳᠠᠭᠠᠯᠠᠭᠰᠠᠭᠠᠷ ᠢᠷᠡᠵᠠᠢ᠃ ᠰᠤᠷᠪᠤᠯᠵᠢᠯᠠᠭᠴᠢ ᠲᠡᠳᠡᠨ ᠤ ᠳᠤ ᠬᠦᠷᠬᠦ ᠳᠤ ᠥᠷᠥᠮ᠎ᠠ ᠴᠥᠷᠮ᠎ᠠ ᠪᠠᠨ ᠬᠥᠷᠬᠡᠵᠦ ᠪᠤᠷᠤᠯᠠᠭᠤᠯᠬᠤ ᠪᠠᠷ ᠶᠠᠭᠠᠷᠠᠨ᠂ ᠪᠥᠰᠡᠬᠦᠢ ᠨᠢ ᠠᠭᠠᠷᠴᠠ ᠰᠢᠬᠠᠵᠦ ᠴᠥᠷᠮ᠎ᠠ ᠬᠠᠳᠠᠭᠠᠨ ᠮᠤᠩᠭᠠᠨᠢᠵᠦ᠂ ᠮᠠᠯᠴᠢᠨ ᠠᠶᠢᠯ ᠤᠨ ᠵᠢᠷ ᠤᠨ ᠨᠢᠬᠡᠨ ᠡᠳᠤᠷ ᠤᠨ ᠠᠮᠢᠳᠤᠷᠠᠯ ᠢᠶᠠᠨ ᠥᠷᠬᠦᠯᠵᠢᠯᠡᠬᠦᠯᠦᠨ᠎ᠠ᠃     ᠬᠠᠰᠬᠡᠷᠡᠯᠳᠤ ᠥᠥᠰᠢᠨ ᠬᠤᠰᠢᠭᠤᠨ ᠤ ᠥᠥᠰᠢᠨᠵᠤᠤ ᠪᠠᠯᠭᠠᠰᠤᠨ ᠤ ᠪᠠᠶᠠᠨᠳᠤᠯᠤᠭᠠᠢ ᠭᠠᠴᠠᠭ᠎ᠠ ᠪᠠᠷ ᠨᠤᠳᠤᠭᠳᠠᠢ᠃ ᠲᠡᠷᠡ 1986 ᠤᠨ ᠳᠤ ᠰᠤᠷᠭᠠᠭᠤᠯᠢ ᠪᠠᠨ ᠲᠡᠬᠦᠰᠬᠡᠨ ᠮᠠᠯ ᠤᠨ ᠮᠥᠷ ᠢᠶᠠᠨ ᠬᠥᠬᠡᠬᠡᠵᠠᠢ᠃ ᠲᠤᠬᠠᠢ ᠶᠢᠨ ᠥᠶ᠎ᠡ ᠳᠤ ᠲᠡᠳᠡᠨ ᠤ ᠬᠢᠨ 60 ᠲᠡᠭᠰᠢ ᠲᠥᠷᠪᠡᠯᠵᠢᠨ ᠮᠧᠲᠷ ᠤᠨ ᠲᠤᠭᠤᠰᠬᠠᠨ ᠪᠠᠶᠢᠰᠢᠩ ᠳᠤ ᠰᠠᠭᠤᠵᠦ ᠲᠡᠭᠷᠢ ᠶᠢᠨ ᠴᠢᠷᠠᠢ ᠬᠠᠷᠠᠵᠦ ᠪᠠᠭ᠎ᠠ ᠰᠠᠭ᠎ᠠ ᠠᠮᠤ᠂ ᠲᠥᠮᠥᠰᠤ ᠲᠠᠷᠢᠵᠦ ᠠᠵᠤ ᠲᠦᠷᠦᠵᠤ ᠪᠠᠶᠢᠵᠠᠢ᠃ 1989 ᠤᠨ ᠳᠤ 180 ᠢᠮᠠᠭ᠎ᠠ᠂ 100 ᠭᠠᠷᠤᠢ ᠬᠤᠨᠢ ᠮᠠᠯᠵᠢᠵᠦ ᠪᠠᠶᠢᠭᠰᠠᠨ ᠠᠴᠠ ᠪᠠᠨ 1990 ᠤᠨ ᠳᠤ ᠢᠮᠠᠭ᠎ᠠ ᠮᠠᠯᠵᠢᠬᠤ ᠶᠢ ᠬᠤᠷᠢᠭᠯᠠᠭᠰᠠᠨ ᠠᠴᠠ ᠨᠢᠬᠡ ᠢᠮᠠᠭ᠎ᠠ ᠶᠢ ᠲᠥᠴᠢᠨ ᠲᠠᠪᠤᠬᠠᠨ ᠲᠥᠬᠦᠷᠢᠭ ᠢᠶᠠᠷ ᠬᠤᠳᠠᠯᠳᠤᠵᠦ ᠠᠷᠪᠠᠨ ᠬᠡᠳᠤᠨ ᠥᠬᠡᠷ ᠮᠠᠯᠵᠢᠪᠠ᠃ ᠰᠡᠬᠦᠯᠡᠷ ᠨᠢ ᠮᠠᠯ ᠤᠨ ᠡᠪᠡᠰᠤ ᠪᠤᠷᠳᠤᠭ᠎ᠠ ᠪᠠᠨ ᠦᠪᠡᠰᠦᠪᠡᠨ ᠬᠠᠨᠭ᠍ᠭᠠᠬᠤ ᠱᠠᠭᠠᠷᠳᠠᠯᠭ᠎ᠠ ᠠᠴᠠ ᠪᠤᠯᠵᠦ 1995 ᠤᠨ ᠳᠤ 20 ᠮᠥ ᠤᠰᠤᠨ ᠭᠠᠵᠠᠷ ᠨᠡᠬᠡᠬᠡᠵᠦ᠂ ᠡᠷᠳᠡᠨᠢ ᠰᠢᠰᠢ ᠲᠠᠷᠢᠭᠰᠠᠨ ᠨᠢ ᠮᠠᠯ ᠢᠶᠠᠨ ᠲᠥᠡᠭᠭᠡᠵᠢ ᠲᠡᠵᠢᠬᠡᠵᠦ ᠬᠥᠷᠳᠡᠭ ᠪᠠᠶᠢᠵᠠᠢ᠃     ᠬᠠᠰᠬᠡᠷᠡᠯᠳᠤ ᠭᠠᠴᠠᠭᠠᠨ ᠤ ᠠᠵᠢᠯ ᠢ ᠤᠳᠠᠭᠠᠨ ᠵᠢᠯ ᠬᠠᠷᠢᠭᠤᠴᠠᠵᠥ ᠥᠡᠭᠭᠡᠷᠡᠭᠰᠡᠨ ᠬᠦᠮᠦᠨ ᠪᠠᠶᠢᠯ᠎ᠠ᠃ ︽ᠳᠡᠭᠡᠷ᠎ᠠ ᠵᠠᠭᠤᠨ ᠤ ᠶᠡᠷᠡᠭᠡᠳ ᠤᠨ ᠤ ᠥᠶ᠎ᠡ ᠳᠤ ᠮᠠᠨ ᠤ ᠮᠠᠯᠴᠢᠳ ᠤᠨ ᠠᠮᠢᠳᠤᠷᠠᠯ ᠥᠨᠡᠬᠡᠷ ᠵᠥᠳᠡᠷᠡᠯᠲᠡᠢ ᠪᠠᠶᠢᠭᠰᠠᠨ ᠃ ᠪᠢ ᠵᠠᠷᠢᠮ ᠬᠥᠴᠢᠷᠳᠡᠯᠳᠠᠢ ᠰᠢᠭ ᠠᠶᠢᠯ ᠢᠶᠠᠷ ᠤᠴᠢᠬᠤ ᠳᠤ ᠭᠡᠷ ᠤᠨ ᠡᠵᠡᠨ ᠬᠡᠨᠡᠳᠳᠡ ᠬᠠᠵᠠᠭᠤ ᠪᠠᠷ ᠮᠢᠨᠢ ᠵᠦᠷᠢᠵᠤ ᠱᠤᠤᠬᠢᠭᠤᠯᠤᠭᠠᠳ ᠭᠠᠷᠴᠢᠬᠠᠨ᠎ᠠ᠃ ᠬᠠᠮᠢᠭ᠎ᠠ ᠶᠠᠪᠤᠭᠰᠠᠨ ᠪᠤᠢ ᠬᠡᠵᠦ ᠲᠠ ᠨᠠᠷ ᠭᠠᠶᠢᠬᠠᠬᠤ ᠮᠠᠭᠠᠳ ᠡ᠃ ᠪᠤᠰᠤᠳ ᠠᠶᠢᠯ ᠠᠴᠠ ᠬᠠᠭᠤᠷᠤᠭᠰᠠᠨ ᠠᠮᠤ ᠵᠢᠬᠡᠯᠡᠬᠦ ᠪᠠᠷ ᠶᠠᠪᠤᠵᠦ ᠪᠠᠶᠢᠭᠰᠠᠨ ᠰᠢᠥ︾ ᠬᠡᠵᠦ ᠲᠡᠷᠡ ᠭᠠᠨᠭ᠍ᠰᠠᠷᠠᠯᠳᠠᠶᠢᠬᠠᠨ ᠡᠷᠬᠢᠴᠡᠬᠦᠯᠤᠯ ᠎ᠠ᠃     ᠰᠡᠬᠦᠯᠡᠷ ᠨᠢ ᠤᠯᠤᠰ ᠤᠨ ᠲᠥᠷᠥ ᠶᠢᠨ ᠪᠤᠳᠤᠯᠭ᠎ᠠ ᠰᠠᠶᠢᠵᠢᠷᠠᠵᠦ᠂ ᠬᠠᠷᠠᠭᠠᠯᠵᠠᠯ ᠨᠥᠬᠦᠪᠤᠷᠢ ᠶᠡᠭᠡ ᠪᠤᠯᠤᠭᠰᠠᠨ ᠠᠴᠠ ᠮᠠᠯᠴᠢᠳ ᠤᠨ ᠠᠮᠢᠳᠤᠷᠠᠯ ᠴᠤ ᠥᠳᠳᠡᠷ ᠲᠥᠷᠬᠡᠨ ᠲᠡᠭᠡᠭᠰᠢᠯᠡᠵᠠᠢ᠃ 2001 ᠤᠨ ᠠᠴᠠ ᠡᠬᠢᠯᠡᠨ ᠤᠯᠤᠰ ᠠᠴᠠ ᠭᠠᠶᠢᠯᠢ ᠲᠠᠳᠠᠪᠤᠷᠢ ᠶᠢ ᠬᠡᠯᠳᠥᠷᠢᠬᠦᠯᠥᠭᠰᠡᠨ ᠮᠥᠷᠳᠡᠬᠡᠨ ᠲᠡᠳᠬᠦᠪᠤᠷᠢ ᠮᠥᠡᠭᠬᠦ ᠥᠭᠬᠦ ᠪᠤᠯᠤᠭᠰᠠᠨ ᠠᠴᠠ ᠮᠠᠯᠴᠢᠳ ᠲᠤ ᠬᠥᠨ ᠠᠮᠢᠰᠬᠤᠯᠯᠠᠬᠤ ᠵᠠᠢ ᠥᠭᠴᠤ᠂ ᠮᠠᠯᠵᠢᠯ ᠤᠢᠢᠯᠡᠳᠪᠤᠷᠢᠯᠡᠯ ᠳᠤ ᠨᠢ ᠶᠡᠬᠡᠬᠡᠨ ᠲᠡᠮᠵᠢᠯᠬᠡ ᠥᠵᠡᠬᠦᠯᠵᠠᠢ᠃ 2004 ᠤᠨ ᠳᠤ ᠬᠠᠰᠬᠡᠷᠡᠯᠳᠤ ᠥᠥᠰᠢᠨᠵᠤᠤ ᠶᠢᠨ ᠠᠵᠤ ᠤᠢᠢᠯᠡᠳᠪᠤᠷᠢ ᠬᠥᠭᠵᠢᠨ᠂ ᠬᠥᠮᠤᠨ ᠠᠮᠠ ᠨᠡᠮᠡᠭᠳᠡᠭᠰᠡᠨ ᠪᠠᠶᠢᠳᠠᠯ ᠢ ᠬᠢᠷᠠᠬᠠᠢ ᠪᠠᠷ ᠠᠵᠢᠨ ᠮᠡᠳᠡᠵᠦ᠂ ︽ᠮᠠᠯᠴᠢᠳ ᠤᠨ ᠪᠠᠶᠠᠰᠤᠯ︾ ᠵᠤᠴᠢᠯᠠᠭ᠎ᠠ ᠶᠢᠨ ᠬᠤᠭᠤᠯᠠᠨ ᠭᠡᠷ ᠢᠶᠠᠨ ᠨᠡᠬᠡᠭᠡᠵᠠᠢ᠃ ᠡᠨᠡ ᠬᠦ ᠤᠷᠤᠯᠭ᠎ᠠ ᠨᠢ ᠬᠠᠷᠢᠨ ᠪᠤᠰᠤᠳ ᠤᠷᠤᠯᠭ᠎ᠠ ᠠᠴᠠ ᠪᠠᠨ ᠪᠥᠷ ᠲᠠᠪᠠᠵᠦ ᠲᠡᠬᠦᠨ ᠢ ᠤᠯᠠᠮ ᠢᠯᠡᠬᠦᠥ ᠵᠤᠷᠢᠭᠵᠢᠭᠤᠯᠵᠦ ᠪᠢᠯᠡ᠃ 2006 ᠤᠨ ᠳᠤ ᠲᠡᠳᠡᠨ ᠤ ᠬᠢᠨ ︽ᠮᠠᠯᠴᠢᠳ ᠤᠨ ᠪᠠᠶᠠᠰᠤᠯ︾ ᠤᠨ ᠬᠡᠪᠴᠢᠶᠡᠵᠢᠯ ᠢᠶᠠᠨ ᠤᠯᠠᠮ ᠥᠷᠬᠡᠳᠬᠡᠨ᠂ ᠮᠤᠩᠭᠤᠯ ᠬᠡᠷ᠂ ᠵᠤᠴᠢᠯᠠᠭ᠎ᠠ ᠶᠢᠨ ᠥᠷᠥᠬᠡ ᠪᠠᠨ ᠨᠡᠮᠡᠵᠦ ᠪᠠᠶᠢᠭᠤᠯᠤᠭᠰᠠᠨ ᠪᠠᠶᠢᠨ᠎ᠠ᠃ ᠢᠡᠭᠬᠢᠬᠡᠳ ᠵᠤᠭᠠᠴᠠᠯ ᠤᠨ ᠲᠡᠭᠰᠢᠳᠬᠡᠭᠰᠡᠨ ᠵᠢᠯ ᠤᠨ ᠤᠷᠤᠯᠭ᠎ᠠ ᠨᠢ ᠬᠠᠮᠤᠭ ᠥᠨᠳᠤᠷ ᠲᠤ ᠪᠠᠨ 15 ᠲᠥᠮᠡᠨ ᠲᠥᠬᠦᠷᠢᠭ ᠢ ᠲᠠᠪᠠᠭᠰᠠᠨ ᠤᠳᠠᠭ᠎ᠠ ᠲᠠᠢ ᠪᠠᠶᠢᠵᠦ᠂ ᠮᠠᠯ ᠤᠨ ᠴᠠᠪᠡᠷ ᠤᠷᠤᠯᠭ᠎ᠠ 2 ᠲᠥᠮᠡ ᠶᠢ ᠲᠠᠪᠠᠵᠠᠢ᠃ 2011 ᠤᠨ ᠠᠴᠠ ᠬᠤᠶᠢᠰᠢ ᠵᠤᠭᠠᠴᠠᠯ ᠤᠨ ᠤᠢᠢᠯᠡᠰ ᠢ ᠤᠯᠠᠮ ᠭᠥᠭᠵᠢᠬᠦᠯᠬᠦ ᠲᠤᠳᠤᠮ ᠵᠢᠯ ᠤᠨ ᠲᠡᠭᠰᠢᠳᠬᠡᠭᠰᠡᠨ ᠤᠷᠤᠯᠭ᠎ᠠ 10 ᠲᠥᠮᠡᠨ ᠲᠥᠬᠦᠷᠢᠭ ᠢ ᠪᠠᠳᠤᠯᠠᠬᠤ ᠪᠤᠯᠵᠠᠢ᠃ ᠵᠠᠬ᠎ᠠ ᠲᠡᠯᠬᠡᠬᠦᠷ ᠤᠨ ᠬᠡᠷᠡᠭᠴᠡᠭᠡ ᠱᠠᠭᠠᠷᠳᠠᠯᠭ᠎ᠠ ᠶᠢ ᠠᠵᠢᠨ ᠮᠡᠳᠡᠬᠦ ᠳᠤ ᠪᠠᠨ ᠴᠠᠭᠠᠷᠠᠭᠰᠠᠨ ᠬᠠᠰᠬᠡᠷᠡᠯᠳᠤ 2015 ᠤᠨ ᠳᠤ ᠮᠢᠬ᠎ᠠ ᠬᠠᠳᠠᠭᠠᠳᠠᠭ ᠬᠡᠷ ᠪᠠᠶᠢᠭᠤᠯᠵᠦ᠂ ᠬᠠᠳᠠᠭᠰᠠᠨ ᠥᠬᠡᠷ ᠤᠨ ᠮᠢᠬ᠎ᠠ ᠵᠡᠷᠬᠡ ᠪᠠᠨ ᠪᠤᠷᠤᠯᠠᠭᠤᠯᠤᠭᠠᠳ ᠮᠠᠯ ᠤᠨ ᠠᠰᠢᠭ ᠰᠢᠮ᠎ᠠ ᠶᠢᠨ ᠤᠷᠤᠯᠭ᠎ᠠ ᠥᠡᠭᠭᠡᠷᠡᠭᠰᠡᠨ ᠵᠢᠯ ᠤᠳ ᠠᠴᠠ ᠪᠠᠨ ᠨᠡᠩ ᠶᠡᠭᠡ ᠪᠠᠷ ᠲᠡᠭᠡᠭᠰᠢᠯᠡᠵᠡᠢ᠃      ᠬᠠᠰᠬᠡᠷᠡᠯᠳᠤ ᠪᠢᠳᠠᠨ ᠲᠠᠢ ᠵᠤᠭᠤᠭᠳᠠᠬᠤ ᠵᠠᠭᠤᠷ᠎ᠠ ᠬᠡᠳᠤ ᠬᠡᠳᠤᠨ ᠬᠤᠭᠤᠯᠠᠨ ᠬᠡᠷ ᠤᠨ ᠵᠠᠬᠢᠶᠠᠯᠠᠭ᠎ᠠ ᠶᠢᠨ ᠤᠳᠠᠰᠤ ᠶᠢ ᠬᠥᠯᠢᠶᠠᠨ ᠠᠪᠴᠤ᠂ ᠮᠠᠶᠢᠮᠠᠢ ᠰᠠᠶᠢᠨ ᠨᠢ ᠢᠯᠡᠬᠡᠨ ᠪᠠᠶᠢᠯ᠎ᠠ᠃ ᠲᠡᠷᠡ᠄ ︽ᠤᠢᠢᠷ᠎ᠠ ᠶᠢᠨ ᠬᠡᠳᠤᠨ ᠠᠷᠪᠠᠨ ᠵᠢᠯ ᠳᠤ ᠮᠠᠨ ᠤ ᠮᠠᠯᠵᠢᠬᠤ ᠤᠷᠤᠨ ᠤ ᠬᠤᠪᠢᠷᠠᠯᠳᠡ ᠬᠥᠭᠵᠢᠯᠳᠡ ᠲᠦᠢᠯ ᠤᠨ ᠶᠡᠭᠡ᠂ ᠮᠠᠯᠴᠢᠳ ᠤᠨ ᠠᠮᠢᠳᠤᠷᠠᠯ ᠤᠨ ᠬᠢᠷᠢ ᠲᠥᠪᠰᠢᠨ ᠴᠤ ᠤᠤᠯ ᠠᠴᠠ ᠪᠠᠨ ᠬᠤᠯᠠ ᠢᠯᠡᠬᠦᠥ ᠲᠡᠭᠡᠭᠰᠢᠯᠡᠵᠠᠢ᠃ ᠵᠠᠮ᠂ ᠴᠠᠬᠢᠯᠭᠠᠨ᠂ ᠴᠢᠮᠡᠭᠡ ᠨᠡᠪᠳᠡᠷᠡᠬᠦᠯᠬᠡ᠂ ᠡᠮ ᠡᠮᠨᠡᠯᠬᠡ ᠵᠡᠷᠬᠡ ᠴᠥᠮ ᠰᠠᠶᠢᠵᠢᠷᠠᠵᠦ᠂ ᠮᠠᠯᠴᠢᠨ ᠠᠶᠢᠯ ᠤᠨ ᠲᠠᠷᠤᠭᠠᠰᠤ ᠬᠥᠡᠭᠭᠡᠷᠡᠨ᠂ ᠮᠠᠨ ᠤ ᠬᠢᠨ ᠴᠤ ᠴᠠᠭ ᠥᠶ᠎ᠡ ᠶᠢᠨ ᠰᠠᠶᠢᠨ ᠢᠶᠠᠷ ᠴᠢᠨᠡᠬᠡᠯᠢᠭ ᠠᠮᠢᠳᠤᠷᠠᠬᠤ ᠪᠤᠯᠤᠯ᠎ᠠ︾ ᠬᠡᠵᠦ ᠪᠠᠶᠠᠷ ᠤᠨ ᠮᠥᠰᠢᠶᠡᠳᠤ ᠲᠤᠳᠤᠷᠠᠭᠤᠯᠤᠨ᠎ᠠ᠃      ᠬᠠᠰᠬᠡᠷᠡᠯᠳᠤ ᠶᠢᠨ ᠬᠢᠨ ᠤᠳᠤᠬᠠᠨ ᠳᠤ 120 ᠮᠥ ᠶᠢᠨ ᠤᠰᠤᠨ ᠭᠠᠵᠠᠷ ᠲᠠᠢ ᠪᠠᠶᠢᠵᠦ᠂ ᠴᠥᠮ ᠰᠥᠷᠴᠢᠨ ᠤᠰᠤᠯᠠᠬᠤ ᠲᠥᠬᠦᠬᠡᠷᠤᠮᠵᠢ ᠤᠭᠰᠠᠷᠠᠵᠤ᠂ 180 ᠲᠡᠭᠰᠢ ᠲᠥᠷᠪᠡᠯᠵᠢᠨ ᠮᠧᠲᠷ ᠤᠨ ᠡᠪᠡᠰᠤᠨ ᠫᠸᠡᠭ᠂ 160 ᠲᠡᠭᠰᠢ ᠲᠥᠷᠪᠡᠯᠵᠢᠨ ᠮᠧᠲᠷ ᠤᠨ ᠬᠤᠨᠢᠨ ᠰᠡᠷᠠᠪᠴᠢ᠂ 150 ᠲᠡᠭᠰᠢ ᠲᠥᠷᠪᠡᠯᠵᠢᠨ ᠮᠧᠲᠷ ᠤᠨ ᠥᠬᠡᠷ ᠤᠨ ᠫᠸᠡᠭ᠂ 200 ᠲᠡᠭᠰᠢ ᠲᠥᠷᠪᠡᠯᠵᠢᠨ ᠮᠧᠲᠷ ᠤᠨ ᠬᠤᠨᠢ ᠲᠡᠵᠢᠬᠡᠬᠦ ᠫᠸᠡᠭ ᠲᠠᠢ ᠪᠤᠯᠵᠤ ᠬᠦᠭᠵᠢᠵᠡᠢ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号