ᠠᠮᠲᠠᠲᠤ ᠺᠣᠹᠧ ᠢᠶᠠᠷ ᠠᠮᠢᠯᠠᠭᠰᠠᠨ ᠦᠢᠯᠡᠰ
ᠨᠡᠶᠢᠲᠡᠯᠡᠭᠰᠡᠨ ᠴᠠᠭ᠄
2018-05-22
      ︽ᠭᠦᠮᠤᠨ ᠵᠠᠯᠠᠭᠤ ᠳᠤ ᠪᠠᠨ᠂ ᠴᠡᠴᠡᠭ ᠵᠤᠨ ᠳᠠᠭᠠᠨ︾ ᠭᠡᠳᠡᠭ ᠢᠶᠠᠷ ᠵᠠᠯᠠᠭᠤ ᠨᠠᠰᠤᠨ ᠳᠤ ᠪᠠᠨ ᠦᠪᠡᠷ  ᠤᠨ ᠭᠦᠰᠡᠯᠠᠩ ᠤᠨ ᠢᠶᠠᠨ ᠲᠦᠯᠤᠭᠡ ᠵᠢᠳᠭᠦᠵᠤ᠂ ᠲᠡᠭᠦᠨ ᠢ ᠪᠠᠨ ᠪᠠᠶᠠᠯᠡᠭᠦᠯᠬᠦ ᠪᠠᠷ ᠵᠣᠷᠢᠵᠤ ᠶᠠᠪᠤᠳᠠᠭ ᠨᠢ ᠬᠦᠮᠦᠰ ᠤᠨ ᠨᠢᠭᠡ ᠶᠤᠰᠤᠨ ᠤ ᠠᠵᠠ ᠵᠢᠷᠭᠠᠯ ᠶᠤᠮ᠃ ᠴᠠᠭ ᠦᠶ᠎ᠡ ᠶᠢᠨ ᠤᠷᠤᠰᠬᠠᠯ ᠲᠠᠢ ᠵᠡᠷᠭᠡᠴᠡᠨ ᠬᠦᠰᠡᠯ ᠡᠷᠡᠮᠡᠯᠵᠡᠯ ᠤᠨ ᠢᠶᠠᠨ ᠲᠦᠯᠦᠭᠡ ᠮᠡᠷᠡᠶᠢᠵᠤ ᠶᠠᠪᠤᠭ᠎ᠠ ᠵᠠᠯᠠᠭᠤ ᠦᠢᠯᠡᠰᠴᠢᠨ ᠤ ᠨᠢᠭᠡ ᠪᠤᠯ ᠦᠤᠰᠢᠨ ᠨᠤᠲᠤᠭ ᠲᠠᠢ ᠲᠠᠪᠢᠨᠨᠠᠢᠮᠠ ᠪᠤᠯᠤᠨ᠎ᠠ᠃      ᠬᠠᠷᠠᠬᠠᠨ ᠪᠠᠭ᠎ᠠ ᠠᠴᠠ ᠪᠠᠨ ᠲᠠᠭᠤᠤ ᠭᠦᠭᠵᠢᠮ ᠳᠤ ᠪᠠᠬ᠎ᠠ ᠲᠠᠢ ᠲᠠᠪᠢᠨᠨᠠᠢᠮᠠ ᠮᠠᠨᠢ 2005 ᠤᠨ ᠳᠤ ᠦᠨᠳᠤᠷ ᠳᠤᠮᠳᠠᠳᠤ ᠪᠠᠨ ᠲᠡᠭᠦᠰᠬᠡᠭᠡᠳ ︽ᠳᠡᠳᠮ᠎ᠠ ᠤᠷᠠᠯᠢᠭ ᠤᠨ ᠰᠤᠷᠭᠠᠭᠤᠯᠢ︾ ᠳᠤ ᠨᠢᠭᠡ ᠵᠢᠯ ᠳᠠᠪᠳᠡᠨ ᠪᠤᠯᠪᠠᠰᠤᠷᠠᠵᠤ᠂ 2012 ᠣᠨ ᠳᠤ ᠦᠪᠤᠷ ᠮᠤᠩᠭᠤᠯ ᠤᠷᠤᠨ ᠤ ᠵᠠᠯᠠᠭᠤ ᠬᠠᠮᠳᠤᠯᠢᠭ ᠪᠣᠯᠬᠤ ︽ᠭᠤᠷᠪᠠᠳᠤᠭᠠᠷ ᠡᠳᠤᠷ︾ ᠬᠠᠮᠳᠤᠯᠢᠭ ᠤᠨ ᠺᠢᠫᠤᠷᠴᠢᠨ ᠢᠶᠠᠷ ᠤᠷᠠᠯᠢᠭᠴᠢᠨ ᠪᠤᠯᠬᠤ ᠭᠦᠰᠡᠯ ᠢᠶᠠᠨ  ᠪᠡᠶᠡᠯᠡᠭᠦᠯᠦᠨ ᠠᠵᠢᠯ ᠤᠨ ᠭᠠᠷᠤᠭ᠎ᠠ ᠠᠪᠤᠨ ᠤᠯᠠᠨ ᠭᠠᠵᠠᠷ ᠤᠷᠤᠨ ᠢᠶᠠᠷ ᠲᠤᠭᠯᠠᠯᠳᠠ ᠭᠠᠷᠭᠠᠨ ᠶᠠᠪᠤᠵᠠᠢ᠃ ᠤᠷᠠᠯᠢᠭᠴᠢ ᠬᠦᠮᠦᠨ ᠶᠡᠷᠦᠨᠢ ᠠᠩᠬᠠᠷᠤᠮᠵᠢ ᠰᠠᠶᠢᠲᠠᠢ᠂ ᠰᠤᠨᠢᠭᠤᠴᠢ ᠵᠠᠩ ᠲᠠᠢ ᠪᠦᠭᠡᠳ ᠠᠮᠢᠳᠤᠷᠠᠯ ᠳᠤ ᠤᠷᠬᠢᠯᠤᠮ᠎ᠠ ᠬᠠᠯᠠᠭᠤᠨ ᠦᠭᠡᠳᠡᠷᠬᠡᠭ ᠰᠡᠳᠬᠢᠯᠭᠡ ᠲᠠᠢ ᠪᠠᠶᠢᠳᠠᠭ ᠤᠨ ᠤᠴᠢᠷ᠂ ᠶᠡᠭᠡ ᠠᠷᠪᠢᠨ ᠤᠯᠠᠨ ᠵᠦᠢᠯ ᠲᠠᠢ ᠤᠴᠠᠷᠠᠵᠤ ᠲᠤᠯᠭᠠᠷᠠᠵᠤ ᠶᠠᠪᠤᠭᠰᠠᠨ ᠲᠡᠷᠡ ᠮᠠᠨᠢ ᠭᠠᠯ ᠵᠠᠯᠠᠭᠤ ᠨᠠᠰᠤᠨ ᠳᠤ ᠪᠠᠨ ᠶᠠᠭᠤ ᠨᠢᠭᠡ ᠪᠦᠳᠦᠭᠡᠨ᠎ᠡ ᠬᠡᠮᠡᠨ ᠮᠦᠨ ᠵᠢᠯ ᠳᠤ ᠪᠠᠨ ᠬᠠᠮᠳᠤᠯᠢᠭ ᠠᠴᠠ  ᠪᠠᠨ ᠰᠠᠯᠵᠤ ᠬᠤᠰᠢᠭᠤ ᠨᠤᠳᠤᠭ ᠲᠤ ᠪᠠᠨ ᠬᠠᠷᠢᠵᠤ ᠢᠳᠡᠭᠡᠮᠵᠢ ᠶᠢᠨ ᠬᠤᠷᠰᠢᠶᠠᠨ ᠠᠴᠠ ᠵᠢᠭᠡᠯᠡᠯᠭᠡ ᠠᠪᠤᠭᠠᠳ ᠳᠡᠭᠦᠤ ᠭᠡᠰᠢᠭ ᠲᠠᠢ ᠪᠠᠨ ᠬᠠᠮᠳᠤᠪᠠᠷ ᠦᠪᠡᠷ ᠢᠶᠠᠨ ᠦᠢᠯᠡᠰ ᠪᠤᠰᠬᠠᠬᠤ ᠮᠦᠷ ᠢᠶᠠᠨ ᠡᠯᠭᠦᠵᠠᠢ᠃      ᠠᠯᠳᠠᠷᠳᠤ ᠹᠢᠽᠢᠺ ᠤᠨ ᠤᠬᠠᠭᠠᠨᠳᠠᠨ ᠠᠶᠢᠨᠰᠲ᠋ᠧᠨ ︽ᠳᠤᠷ᠎ᠠ ᠰᠤᠨᠢᠷᠬᠠᠯ ᠪᠣᠯ ᠬᠠᠮᠤᠭ ᠤᠨ ᠰᠠᠶᠢᠨ ᠪᠠᠭᠰᠢ ᠮᠦᠨ︾ ᠬᠡᠵᠤ ᠶᠠᠷᠢᠭᠰᠠᠨ ᠪᠠᠶᠢᠳᠠᠭ᠂ ᠬᠦᠮᠦᠨ ᠤ ᠳᠤᠷ᠎ᠠ ᠰᠤᠨᠢᠷᠬᠠᠯ ᠨᠢ ᠰᠤᠨᠢᠭᠤᠴᠢ ᠰᠡᠳᠬᠢᠯ ᠠᠴᠠ ᠢᠷᠡᠯᠲᠠᠢ᠂ ᠰᠤᠨᠢᠭᠤᠴᠢ ᠰᠡᠳᠬᠢᠯ ᠪᠣᠯ ᠬᠦᠮᠦᠨ ᠲᠦᠷᠦᠯᠬᠢᠳᠡᠨ ᠤ ᠲᠦᠷᠦᠯᠬᠢ ᠶᠢᠨ ᠮᠡᠳᠡᠷᠡᠮᠵᠢ ᠶᠤᠮ᠃ ᠲᠠᠪᠢᠨᠨᠠᠢᠮᠠ ᠮᠠᠨᠢ ᠦᠢᠯᠡᠰ ᠤᠨ ᠮᠦᠷ ᠢᠶᠠᠨ ᠦᠪᠡᠷ ᠤᠨ ᠳᠤᠷ᠎ᠠ ᠰᠤᠨᠢᠷᠬᠠᠯ ᠳᠤ ᠪᠠᠨ ᠲᠦᠰᠢᠭᠯᠡᠭᠰᠡᠨ ᠶᠤᠮ᠃ ᠤᠷᠠᠯᠢᠭ ᠤᠨ ᠮᠦᠷ ᠶᠢ ᠬᠦᠬᠡᠭᠡᠵᠤ ᠶᠠᠪᠤᠭ᠎ᠠ ᠳᠤ ᠪᠠᠨ ᠲᠡᠯᠡᠬᠡᠢ ᠶᠢᠨ ᠭᠤᠷᠪᠠᠨ ᠶᠡᠭᠡ ᠤᠮᠳᠠᠭᠠᠨ ᠤ ᠨᠢᠭᠡ ᠪᠣᠯᠬᠤ ᠺᠣᠹᠧ ᠶᠢᠨ ᠰᠤᠶᠤᠯ ᠳᠤ ᠰᠤᠨᠢᠭᠤᠴᠢᠯᠠᠵᠤ᠂ ᠦᠪᠡᠷ ᠤᠨ ᠦᠢᠯᠡᠰ ᠤᠨ ᠮᠦᠷ ᠲᠠᠢ ᠪᠠᠨ ᠪᠠᠷᠢᠯᠳᠤᠭᠤᠯᠤᠨ ︽ᠠᠮᠢᠯᠠᠯ︾ ᠺᠣᠹᠧ ᠶᠢᠨ ᠮᠤᠬᠤᠯᠠᠭ ᠢᠶᠠᠨ ᠡᠷᠬᠢᠯᠡᠭᠰᠡᠨ  ᠪᠠᠶᠢᠨ᠎ᠠ᠃      ᠳᠡᠯᠡᠭᠡᠢ ᠶᠢᠨ ᠴᠢᠨᠠᠷᠲᠠᠢ ᠤᠮᠳᠠᠭᠠᠨ ᠤ ᠨᠢᠭᠡ ᠪᠤᠯᠤᠭᠰᠠᠨ ᠺᠤᠹᠧ ᠡᠽᠢᠣᠫᠢᠶ᠎ᠠ ᠶᠢᠨ ᠹᠠᠺᠠ ᠭᠡᠬᠦ ᠲᠤᠰᠬᠤᠨ ᠠᠴᠠ ᠡᠭᠦᠰᠦᠯᠲᠠᠢ ᠪᠠᠶᠢᠵᠤ᠂ ᠭᠧᠷᠢᠭ ᠬᠡᠯᠡᠨ ᠳᠤ ︽ᠡᠷᠴᠢ ᠬᠦᠴᠦᠨ ᠪᠠ ᠤᠷᠮ᠎ᠠ ᠵᠣᠷᠢᠭ︾ ᠭᠡᠬᠦ ᠤᠳᠬ᠎ᠠ ᠲᠠᠢ ᠪᠠᠶᠢᠵᠤ᠂ ᠲᠡᠷᠡ ᠨᠢ ᠵᠢᠪᠬᠤᠭᠠᠵᠢᠭᠤᠯᠬᠤ ᠪᠠ ᠴᠢᠯᠡᠭᠡ ᠲᠠᠶᠢᠯᠬᠤ ᠦᠢᠯᠡᠳᠤᠯ ᠲᠠᠢ᠃ ᠤᠳᠤᠬᠠᠨ ᠪᠣᠯᠬᠤ ᠳᠤ ᠲᠡᠷᠡ ᠨᠢ ᠶᠡᠷᠦᠳᠡᠭᠡᠨ ᠲᠠᠶᠢᠪᠤᠭᠤᠨ ᠰᠡᠯᠡᠭᠦᠤ ᠷᠤᠮᠠᠨᠲ᠋ᠢᠭ ᠣᠷᠴᠢᠨ ᠤ ᠪᠡᠯᠭᠡᠳᠡᠯ ᠪᠣᠯᠵᠤ ᠢᠷᠡᠭᠰᠡᠨ ᠪᠠᠶᠢᠳᠠᠭ ᠴᠤ ᠭᠦᠮᠤᠰ ᠤᠨ ᠺᠣᠹᠧ ᠶᠢᠨ ᠲᠤᠬᠠᠢ ᠤᠶᠢᠯᠠᠭᠠᠯᠲᠠ ᠠᠷᠠᠢ ᠪᠠᠯᠠᠷᠬᠠᠢ ᠪᠠᠶᠢᠭ᠎ᠠ ᠪᠠᠶᠢᠳᠠᠯ ᠳᠤ ︽ᠵᠤᠷᠢᠭ ᠪᠠᠶᠢᠪᠠᠯ ᠵᠤᠷᠢᠭᠰᠠᠨ ᠳᠤ ᠪᠠᠨ ᠭᠦᠷᠤᠨ᠎ᠠ︾ ᠬᠡᠮᠡᠨ ᠲᠠᠪᠢᠨᠨᠠᠢᠮᠠ ᠺᠤᠹᠧ ᠤᠨ ᠰᠤᠶᠤᠯ ᠢ ᠡᠭᠢᠯᠡᠨ ᠰᠤᠷᠤᠯᠴᠠᠵᠤ ᠡᠳᠤᠷ ᠤᠳᠠᠭᠠᠨ ᠤ ᠳᠤᠷᠰᠢᠯᠭ᠎ᠠ ᠪᠠᠷ ᠳᠠᠮᠵᠢᠨ ᠮᠤᠬᠤᠯᠠᠭ ᠢᠶᠠᠨ ᠦᠭᠡᠷᠡᠴᠢᠯᠡᠨ ᠵᠠᠰᠠᠵᠤ ᠦᠢᠯᠡᠴᠢᠯᠡᠭᠡ ᠪᠠᠨ ᠰᠢᠨᠡᠳᠭᠡᠨ᠂ ᠴᠠᠭ ᠦᠶ᠎ᠡ ᠲᠠᠢ ᠮᠦᠷ ᠵᠡᠷᠭᠡᠴᠡᠨ ᠲᠠᠪᠰᠢᠵᠤ᠂ ᠦᠨᠤᠳᠤᠷ ᠪᠤᠯᠬᠤ ᠳᠤ ᠨᠢᠭᠡᠨᠲᠡ ᠦᠪᠡᠷᠮᠡᠴᠡ ᠤᠨᠴᠠᠯᠢᠭ ᠲᠠᠢ ᠰᠠᠭᠤᠳᠠᠯ ᠳᠥᠭᠦᠷᠡᠩ ᠵᠤᠴᠢᠯᠠᠭ᠎ᠠ ᠲᠠᠢ ᠺᠤᠹᠧ ᠶᠢᠨ ᠮᠤᠬᠤᠯᠠᠭ ᠪᠤᠯᠤᠭᠰᠠᠨ ᠪᠠᠶᠢᠨ᠎ᠠ  ᠃      ᠡᠷᠬᠢᠯᠡᠭᠰᠡᠨ ᠠᠵᠢᠯ ᠦᠢᠯᠡᠰ ᠲᠤ ᠪᠠᠨ ᠬᠠᠶᠢᠷᠠᠳᠠᠢ ᠲᠤᠷᠠᠳᠡᠢ ᠪᠠᠶᠢᠬᠤ ᠨᠢ ᠨᠢᠬᠡ ᠭᠦᠮᠤᠨ ᠤ ᠠᠮᠢᠳᠤᠷᠠᠯ ᠤᠨ ᠠᠮᠵᠢᠯᠳᠠ ᠪᠦᠳᠤᠮᠵᠢ ᠤᠨ ᠰᠠᠭᠤᠷᠢ ᠪᠠᠶᠢᠭ᠎ᠠ᠃ ᠡᠳᠤᠷ ᠪᠤᠯᠭᠠᠨ ᠦᠪᠡᠷ ᠤᠨ ᠳᠤᠷᠡᠲᠡᠢ ᠠᠵᠢᠯ ᠢᠶᠠᠨ ᠬᠢᠵᠤ᠂ ᠪᠡᠶᠠᠯᠡᠭᠦᠯᠵᠤ᠂ ᠰᠤᠳᠤᠯᠵᠤ ᠶᠠᠪᠤᠬᠤ ᠨᠢ ᠭᠦᠮᠤᠨ ᠪᠦᠭᠦᠨ ᠤ ᠭᠦᠰᠡᠯᠩ ᠪᠠᠶᠢᠵᠤ ᠳᠠᠭᠠᠷᠠᠨ᠎ᠠ᠃ ᠨᠡᠶᠢᠭᠡᠮ ᠤᠨ ᠦᠷᠢᠰᠦᠯᠳᠦᠭᠡᠨ ᠶᠡᠬᠡᠲᠡᠢ ᠪᠠᠶᠢᠳᠠᠯ ᠤᠨ ᠰᠦᠷᠭᠡᠣ ᠳᠤ ᠦᠪᠡᠷ ᠤᠨ ᠤᠨᠴᠠᠯᠢᠭ ᠢᠶᠠᠨ ᠲᠤᠪᠤᠶᠢᠯᠭᠠᠨ᠂ ᠡᠭᠦᠨ ᠢᠶᠠᠨ ᠪᠠᠳᠤᠯᠠᠨ᠎ᠠ ᠭᠡᠳᠡᠭ ᠪᠣᠯ ᠠᠮᠵᠢᠯᠳᠠ ᠶᠢᠨ ᠰᠠᠭᠤᠷᠢ ᠪᠠᠶᠢᠵᠤ ᠲᠠᠭᠠᠷᠠᠨ᠎ᠠ᠃ ᠦᠨᠤᠳᠤᠷ ᠪᠤᠯᠬᠤ ᠳᠤ ︽ᠠᠮᠢᠯᠡᠯ︾ ᠺᠤᠹᠧ ᠶᠢᠨ ᠮᠤᠬᠤᠯᠠᠭ ᠨᠢᠭᠡᠨᠲᠡ ᠵᠠᠯᠠᠭᠤ ᠨᠢᠭᠡ ᠦᠶ᠎ᠡ ᠶᠢᠨ ᠬᠢᠨ ᠤ ᠠᠮᠢᠳᠤᠷᠠᠯ ᠳᠤ ᠨᠢ ᠳᠤᠳᠠᠭᠳᠠᠵᠤ ᠪᠤᠯᠤᠰᠢ ᠦᠭᠡᠢ ᠰᠠᠶᠢᠬᠠᠨ ᠳᠠᠭᠠᠯᠠᠮᠵᠢᠳᠠᠢ ᠭᠠᠵᠡᠷ ᠪᠤᠯᠤᠭᠰᠠᠨ ᠪᠠᠶᠢᠨ᠎ᠠ᠃ ᠠᠮᠠᠷᠠᠭ ᠬᠤᠤᠰ ᠤᠨ ᠷᠤᠮᠠᠨᠲ᠋ᠢᠭ ᠳᠠᠯᠠᠪᠠᠢ᠂ ᠦᠶ᠎ᠡ  ᠶᠢᠨ ᠨᠦᠭᠦᠳ ᠤᠨ ᠵᠤᠯᠭᠠᠯᠲᠠ᠂ ᠢᠳᠡᠭᠡᠨ ᠤᠮᠳᠠᠭᠠᠨ ᠤ ᠰᠤᠨᠢᠷᠬᠠᠯ ᠳᠠᠭᠠᠰᠢᠶᠠᠯ᠂ ᠠᠵᠢᠯ ᠤᠨ ᠵᠦᠳᠡᠷᠡᠯ ᠢᠶᠠᠨ ᠳᠠᠶᠢᠯᠠᠵᠤ ᠪᠠᠶᠢᠭ᠎ᠠ ᠭᠦᠮᠤᠰ ᠤᠨ ᠰᠡᠯᠡᠭᠦᠴᠡᠯ ᠤᠨ ᠭᠠᠵᠡᠷ ᠪᠤᠯᠵᠤ ᠪᠠᠶᠢᠭ᠎ᠠ ᠡᠨᠡ ᠪᠦᠭᠦᠳᠡ ᠶᠢ ᠬᠠᠷᠠᠭᠰᠠᠨ ᠲᠠᠪᠢᠨᠨᠠᠢᠮᠠ ᠮᠠᠨᠢ ᠠᠮᠵᠢᠯᠲᠠ ᠪᠦᠳᠤᠮᠵᠢ ᠨᠢ ᠭᠠᠨᠵᠤᠭ᠎ᠠ ᠲᠦᠭᠦᠷᠢᠭ᠂ ᠠᠯᠤᠰ ᠤᠨ ᠵᠠᠮ ᠨᠢ ᠰᠠᠷᠠᠭᠤᠯ ᠳᠠᠷᠳᠠᠩ ᠬᠠᠷᠠᠭᠳᠠᠨ᠎ᠠ᠃
 
ᠢᠷᠡᠯᠲᠡ᠄ ᠥᠥᠰᠢᠨ ᠬᠤᠰᠢᠭᠤᠨ ᠤ ᠷᠠᠳᠢᠤ᠋ ᠲᠧᠯᠸᠢᠰ ᠦᠢᠯᠡᠴᠢᠯᠡᠭᠡᠨ ᠤ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号