ᠰᠦ ᠲᠠᠢ ᠴᠠᠢ ᠠᠴᠠ ᠤᠴᠢᠯᠠᠭᠰᠠᠨ ᠦᠢᠯᠡᠰ ᠤᠨ ᠵᠠᠮ
ᠨᠡᠶᠢᠲᠡᠯᠡᠭᠰᠡᠨ ᠴᠠᠭ᠄
2018-05-22
 
 
     ᠦᠦᠰᠢᠨ ᠬᠤᠰᠢᠭᠤᠨ ᠤ ᠲᠤᠭ ᠪᠠᠯᠭᠠᠰᠤᠨ ᠤ ᠶᠡᠭᠡ ᠨᠡᠭᠦᠳᠡᠯ ᠲᠣᠰᠬᠤᠨ ᠤ ᠵᠠᠯᠠᠭᠤ ᠸᠠᠩ ᠸᠧᠢ ᠥᠪᠡᠷ ᠤᠨ ᠴᠢᠷᠮᠠᠶᠢᠯᠭ᠎ᠠ ᠪᠠᠷ ᠢᠶᠠᠨ ᠨᠤᠲᠤᠭ ᠤᠨ ᠦᠨᠦᠷ ᠬᠠᠩᠬᠤᠯᠤᠭᠰᠠᠨ ᠰᠦ ᠲᠠᠢ ᠴᠠᠢ ᠪᠠᠨ ᠨᠡᠩ ᠣᠯᠠᠨ ᠬᠦᠮᠦᠰ ᠲᠤ ᠠᠮᠰᠠᠭᠤᠯᠤᠨ ᠠᠵᠢᠯ ᠦᠢᠯᠡᠰ ᠳᠤ ᠪᠠᠨ ᠬᠢᠯᠠᠷᠠᠭᠤᠯᠵᠤ ᠶᠠᠪᠤᠨ᠎ᠠ᠃      ᠥᠨᠦ ᠵᠢᠯ ᠬᠤᠷᠢᠨ ᠵᠢᠷᠭᠤᠭ᠎ᠠ ᠲᠠᠢ ᠸᠠᠩ ᠸᠧᠢ 2013 ᠣᠨ ᠤ 9 ᠰᠠᠷ᠎ᠠ ᠳᠤ ᠥᠨᠳᠦᠷ ᠳᠤᠮᠳᠠᠳᠤ ᠪᠠᠨ ᠲᠡᠭᠦᠰᠦᠮᠡᠭᠴᠡ ᠴᠡᠷᠢᠭ ᠲᠤ ᠤᠷᠤᠵᠤ᠂ ᠬᠤᠨᠠᠨ ᠮᠤᠵᠢ ᠶᠢᠨ ᠵᠠᠩ ᠵᠢᠶᠠ ᠵᠢᠶᠧ ᠳᠤ ᠴᠡᠷᠢᠭ ᠤᠨ ᠠᠯᠪᠠ ᠬᠠᠭᠠᠵᠤ 2015 ᠣᠨ ᠤ 9 ᠰᠠᠷ᠎ᠠ ᠳᠤ ᠨᠣᠲᠤᠭ ᠲᠠᠭᠠᠨ ᠪᠤᠴᠠᠨ ᠢᠷᠠᠵᠠᠢ᠃ ︽ᠴᠡᠷᠢᠭ ᠲᠤ ᠶᠠᠪᠤᠭᠰᠠᠨ ᠬᠤᠶᠠᠷ ᠵᠢᠯ ᠤᠨ ᠬᠤᠭᠤᠴᠠᠭ᠎ᠠ ᠶᠢ ᠮᠢᠨᠦ ᠠᠮᠢᠳᠤᠷᠠᠯ ᠤᠨ ᠡᠷᠬᠢᠯᠲᠡ ᠭᠡᠵᠦ ᠬᠡᠯᠡᠵᠦ ᠪᠣᠯᠬᠤ ᠦᠭᠡᠢ ᠴᠦ ᠬᠤᠵᠢᠮ ᠤᠨ ᠠᠮᠢᠳᠣᠷᠠᠯ ᠳᠤ ᠮᠢᠨᠢ ᠶᠡᠭᠡᠭᠡᠨ ᠬᠠᠪᠰᠤᠷᠤᠯᠭ᠎ᠠ ᠠᠪᠴᠢᠷᠠᠭᠰᠠᠨ ᠪᠦᠭᠡᠳ ᠨᠠᠮᠠᠶᠢ ᠠᠵᠢᠯᠴᠢ ᠬᠦᠳᠡᠯᠮᠦᠷᠢᠴᠢ᠂ ᠨᠡᠩ ᠬᠠᠷᠢᠭᠤᠴᠠᠯᠭ᠎ᠠ  ᠲᠠᠢ ᠪᠣᠯᠭᠠᠭᠰᠠᠨ︾ ᠬᠡᠵᠦ ᠸᠠᠩ ᠸᠧᠢ ᠶᠠᠷᠢᠵᠤ ᠪᠠᠶᠢᠯ᠎ᠠ᠃ ᠲᠡᠷᠡ ᠬᠠᠷᠢᠵᠤ ᠢᠷᠡᠭᠰᠡᠨ ᠤ ᠳᠠᠷᠠᠭ᠎ᠠ ᠶᠠᠭ ᠰᠠᠶᠢᠬᠠᠨ ᠵᠠᠰᠠᠭ ᠤᠨ ᠣᠷᠳᠣᠨ ᠤ ᠴᠡᠷᠢᠭ ᠠᠴᠠ ᠬᠠᠯᠠᠭᠳᠠᠭᠰᠠᠳ ᠤᠨ ᠰᠤᠶᠤᠯ ᠤᠨ ᠬᠢᠷᠢ ᠬᠡᠮᠵᠢᠶ᠎ᠡ ᠶᠢ ᠲᠡᠭᠡᠭᠰᠢᠯᠡᠬᠦᠯᠬᠦ ᠶᠢᠨ ᠲᠦᠯᠦᠭᠡ ᠵᠣᠬᠢᠶᠠᠨ ᠪᠠᠶᠢᠭᠤᠯᠤᠭᠰᠠᠨ ᠰᠤᠷᠤᠯᠴᠠᠭᠤᠯᠬᠤ ᠲᠥᠷᠦ ᠶᠢᠨ ᠪᠤᠳᠣᠯᠭ᠎ᠠ ᠲᠠᠢ ᠲᠠᠭᠠᠷᠠᠯᠳᠤᠵᠤ᠂ ᠣᠷᠳᠣᠰ ᠬᠤᠲᠠ ᠶᠢᠨ ᠲᠣᠰᠬᠠᠢ ᠮᠡᠷᠭᠡᠵᠢᠯ ᠤᠨ ᠰᠤᠷᠭᠠᠭᠤᠯᠢ ᠳᠤ ᠤᠴᠢᠨ ᠰᠤᠷᠤᠯᠴᠠᠵᠤ᠂ ᠥᠨᠦ ᠵᠢᠯ ᠤᠨ 5 ᠰᠠᠷ᠎ᠠ ᠳᠤ ᠰᠤᠷᠭᠠᠭᠤᠯᠢ ᠲᠡᠬᠦᠰᠬᠦ ᠪᠠᠷ ᠪᠠᠶᠢᠨ᠎ᠠ᠃      ᠸᠠᠩ ᠸᠧᠢ ᠶᠢᠨ ᠦᠢᠯᠡᠰ ᠪᠣᠰᠬᠠᠭᠰᠠᠨ ᠥᠩᠭᠡᠷᠡᠯᠲᠡ ᠶᠢ ᠠᠰᠠᠭᠤᠪᠠᠯ᠂ ᠲᠡᠷᠡ ᠰᠦ ᠲᠠᠢ ᠴᠠᠢ ᠲᠠᠢ ᠬᠤᠪᠢ ᠪᠠᠷᠢᠯᠳᠤᠯᠭ᠎ᠠ ᠲᠠᠢ ᠪᠣᠯᠣᠭᠰᠠᠨ ᠨᠢ ᠲᠡᠭᠦᠨ ᠤ ᠡᠵᠢ ᠲᠠᠢ ᠨᠢᠭᠲᠠ ᠬᠤᠯᠪᠤᠭ᠎ᠠ ᠲᠠᠢ ᠪᠠᠶᠢᠯ᠎ᠠ᠃ ᠲᠡᠷᠡ ᠪᠠᠭ᠎ᠠ ᠪᠠᠶᠢᠬᠤ ᠳᠤ ᠡᠳᠦᠷ ᠪᠦᠷᠢ ᠬᠢᠴᠢᠶᠡᠯ ᠠᠴᠠ ᠪᠠᠨ ᠪᠠᠭᠤᠭᠠᠳ ᠭᠡᠷ ᠲᠡᠭᠡᠨ ᠬᠠᠷᠢᠮᠠᠭᠴᠠ ᠡᠵᠢ ᠶᠢᠨ ᠢᠶᠠᠨ ᠴᠢᠨᠠᠭᠰᠠᠨ ᠰᠦ ᠲᠠᠢ ᠴᠠᠢ ᠶᠢ ᠤᠤᠭᠤᠳᠠᠭ ᠪᠠᠶᠢᠭᠰᠠᠨ᠂ ᠲᠡᠷᠡ ᠦᠶ᠎ᠡ ᠳᠤ ᠵᠦᠪᠭᠡᠨ ᠴᠠᠩᠭᠠᠭ᠎ᠠ ᠲᠠᠶᠢᠯᠬᠤ ᠶᠢᠨ ᠲᠡᠳᠦᠢ ᠪᠠᠶᠢᠭᠰᠠᠨ ᠴᠦ ᠣᠳᠣ ᠬᠠᠷᠢᠨ ᠪᠠᠭ᠎ᠠ ᠨᠠᠰᠤ᠂ ᠡᠵᠢ ᠶᠢᠨ ᠲᠣᠬᠠᠢ ᠨᠢᠭᠡ ᠵᠦᠢᠯ ᠤᠨ ᠲᠤᠷᠠᠳᠬᠠᠯ ᠪᠣᠯᠣᠨ ᠦᠯᠡᠳᠡᠵᠦ ᠴᠠᠢ ᠶᠢᠨ ᠥᠨᠦᠷ ᠢᠶᠠᠷ ᠳᠠᠮᠵᠢᠨ ᠡᠵᠢ ᠶᠢᠨ ᠬᠢᠨᠢ ᠪᠠᠷ᠎ᠠ ᠬᠠᠷᠠᠭᠳᠠᠳᠠᠭ ᠪᠤᠯᠵᠠᠢ᠃ ᠪᠠᠭ᠎ᠠ ᠠᠴᠠ ᠪᠠᠨ ᠮᠣᠩᠭᠤᠯ ᠦᠨᠳᠦᠰᠦᠲᠡᠨ ᠤ ᠳᠤᠮᠳᠠ ᠠᠮᠢᠳᠤᠷᠠᠵᠤ ᠰᠦ ᠲᠠᠢ ᠴᠠᠢ ᠳᠤ ᠣᠨᠴᠠ ᠶᠢᠨ ᠬᠠᠶᠢᠷ᠎ᠠ ᠰᠡᠳᠬᠢᠯᠭᠡ ᠲᠠᠢ ᠪᠠᠶᠢᠳᠠᠭ ᠲᠡᠷᠡ ᠣᠨᠴᠠᠭᠠᠶᠢᠯᠠᠨ ᠴᠡᠷᠢᠭ ᠠᠩᠭᠢ ᠳᠤ ᠣᠴᠢᠭᠰᠠᠨ ᠬᠤᠭᠤᠴᠠᠭᠠᠨ ᠳᠤ ᠡᠵᠢ ᠶᠢᠨ ᠴᠢᠨᠠᠭᠰᠠᠨ ᠰᠦ ᠲᠠᠢ ᠴᠠᠢ ᠶᠢ ᠤᠤᠭᠤᠬᠤ ᠶᠢ ᠳᠠᠩᠳᠠ ᠪᠣᠳᠣᠵᠣ᠂ ᠡᠵᠢ ᠨᠣᠲᠤᠭ ᠬᠤᠶᠠᠷ ᠵᠢᠷᠦᠭᠡᠨ ᠳᠤ ᠨᠢ ᠡᠷᠢᠭᠳᠡᠳᠡᠭ ᠪᠠᠶᠢᠯ᠎ᠠ᠃ ᠸᠠᠩ ᠸᠧᠢ ᠡᠵᠢ ᠶᠢᠨ ᠴᠢᠨᠠᠭᠰᠠᠨ ᠰᠦ ᠲᠠᠢ ᠴᠠᠢ ᠳᠤ ᠡᠶᠢᠮᠦ ᠲᠤᠷ᠎ᠠ ᠲᠠᠢ ᠪᠠᠶᠢᠳᠠᠯ᠎ᠠ ᠪᠠᠨ ᠶᠠᠭᠤᠨ ᠳᠤ ᠨᠡᠩ ᠣᠯᠠᠨ ᠬᠦᠮᠦᠨ  ᠲᠠᠢ ᠬᠤᠪᠢᠶᠠᠯᠴᠠᠵᠤ ᠪᠣᠯᠳᠠᠭ ᠦᠭᠡᠢ ᠪᠤᠢ ᠭᠡᠰᠡᠨ ᠠᠰᠠᠭᠤᠯᠲᠠ ᠶᠢ ᠡᠪᠦᠷᠯᠡᠵᠦ 2017 ᠣᠨ ᠤ 5 ᠰᠠᠷ᠎ᠠ ᠳᠤ ᠥᠪᠦᠷ ᠮᠣᠩᠭᠤᠯ ᠤᠨ ᠴᠣᠤ ᠮᠦ ᠢᠳᠡᠭᠡᠨ ᠤ ᠬᠢᠵᠠᠭᠠᠷᠲᠦ ᠬᠠᠷᠢᠭᠤᠴᠠᠯᠭᠠᠲᠦ ᠺᠣᠮᠫᠠᠨᠢ ᠶᠢ ᠳᠠᠩᠰᠠᠯᠠᠭᠤᠯᠵᠤ᠂ ︽ᡂᠢ ᠯᠧ ᠯᠢᠶᠡᠨ︾ ᠬᠡᠬᠦ ᠰᠦ ᠲᠠᠢ ᠴᠠᠢ ᠶᠢᠨ ᠲᠠᠸᠠᠷ ᠤᠨ ᠲᠡᠮᠲᠡᠭ ᠢ ᠳᠠᠩᠰᠠᠯᠠᠭᠤᠯᠪᠠ᠃ ︽ᡂᠢ ᠯᠧ︾ ᠨᠢ ︽ᡂᠢ ᠯᠧ ᠶᠢᠨ ᠳᠠᠭᠤᠯᠠᠯ︾ ᠠᠴᠠ ᠢᠷᠡᠵᠦ᠂ ︽ᠯᠢᠶᠡᠨ︾ ᠨᠢ ᠨᠣᠲᠤᠭ ᠤᠰᠤ ᠪᠠᠨ ᠳᠤᠷᠠᠰᠬᠤ ᠪᠠ ᠲᠠᠯ᠎ᠠ ᠨᠣᠲᠤᠭ᠂ ᠰᠦ ᠲᠠᠢ ᠴᠠᠢ ᠪᠠᠨ ᠳᠤᠷᠠᠰᠬᠤ ᠭᠡᠰᠡᠨ ᠬᠤᠶᠠᠷ ᠤᠳᠬ᠎ᠠ ᠲᠠᠢ᠃ ︽ᠺᠣᠮᠫᠠᠨᠢ ᠪᠠᠶᠢᠭᠤᠯᠣᠭᠳᠠᠭᠠᠳ ᠤᠳᠠᠭ᠎ᠠ ᠦᠭᠡᠢ ᠪᠣᠯᠬᠤᠷ ᠲᠣᠰᠬᠠᠢ ᠲᠦᠯᠦᠭᠡᠨ ᠤ ᠬᠦᠮᠦᠨ ᠤᠷᠢᠬᠤ ᠮᠥᠩᠬᠦ ᠦᠭᠡᠢ᠂ ᠲᠡᠭᠡᠭᠡᠳ ᠲᠤᠭ ᠪᠠᠯᠭᠠᠰᠤᠨ ᠤ ᠨᠣᠲᠤᠭ ᠤᠨ ᠬᠦᠮᠦᠨ ᠢ ᠰᠦ ᠲᠠᠢ ᠴᠠᠢ ᠶᠢᠨ ᠲᠠᠯᠬᠠᠨ ᠤ ᠲᠦᠯᠦᠭᠡᠨ ᠤ ᠬᠦᠮᠦᠨ ᠢᠶᠠᠷ ᠤᠷᠢᠪᠠ᠃ ᠢᠩᠬᠢᠭᠰᠡᠨ ᠢᠶᠠᠷ ᠮᠠᠨ ᠤ ᠨᠤᠲᠤᠭ ᠤᠨ ︿ᠠᠩᠬᠢᠯᠤᠮ᠎ᠠ ᠴᠠᠢ ᠦᠵᠡᠰᠭᠦᠯᠡᠩᠲᠦ ᠪᠦᠰᠡᠬᠦᠢ﹀ ᠶᠢ ᠨᠡᠩ ᠰᠠᠶᠢᠬᠠᠨ ᠢᠯᠡᠷᠡᠭᠦᠯᠵᠦ ᠴᠢᠳᠠᠭᠰᠠᠨ ᠪᠠᠶᠢᠨ᠎ᠠ︾ ᠭᠡᠵᠤ ᠸᠠᠩ ᠸᠧᠢ ᠶᠠᠷᠢᠨ᠎ᠠ᠃      ᠸᠠᠩ ᠸᠧᠢ ᠦᠢᠯᠡᠳᠪᠦᠷᠢ ᠪᠠᠶᠢᠭᠤᠯᠬᠤ ᠪᠡᠯᠡ ᠮᠥᠩᠬᠦ ᠬᠦᠷᠦᠯᠴᠡᠬᠦ ᠦᠭᠡᠢ ᠵᠡᠷᠭᠡ ᠰᠢᠯᠲᠠᠭᠠᠨ ᠠᠴᠠ ᠪᠤᠯᠵᠤ ᠬᠥᠭᠡᠬᠤᠲᠠ ᠶᠢᠨ ᠪᠧᠢ ᠭᠦᠸᠧ ᠴᠢᠩ ᠢᠳᠡᠭᠡᠨ ᠤ ᠬᠢᠵᠠᠭᠠᠷᠲᠦ ᠬᠠᠷᠢᠭᠤᠴᠠᠯᠭᠠᠲᠦ ᠺᠣᠮᠫᠠᠨᠢ ᠳᠤ ᠨᠠᠶᠢᠷᠠᠯᠭ᠎ᠠ᠂ ᠪᠤᠭᠤᠳᠠᠯ ᠢᠶᠠᠨ ᠬᠠᠩᠭᠠᠵᠣ ᠦᠢᠯᠡᠳᠪᠦᠷᠢᠯᠡᠬᠦᠯᠵᠦ ᠪᠠᠶᠢᠨ᠎ᠠ᠃ ︽ᠲᠦᠮᠡᠨ ᠠᠯᠬᠤᠮ ᠤᠨ ᠲᠦᠷᠦᠭᠦᠦ ᠠᠯᠬᠤᠮ ᠨᠢ ᠬᠦᠴᠢᠷ︾ ᠬᠡᠳᠡᠭ ᠢᠶᠠᠷ ᠥᠨᠦ ᠵᠢᠯ ᠤᠨ 1 ᠳ᠋ᠤᠭᠡᠷ ᠰᠠᠷ᠎ᠠ ᠳᠤ ᠬᠠᠮᠤᠭ ᠠᠩᠬᠠᠨ ᠤ 1000 ᠤᠭᠤᠲᠠ ᠰᠦ ᠲᠠᠢ ᠴᠠᠢ ᠶᠢᠨ ᠲᠠᠯᠬ᠎ᠠ ᠶᠢ ᠲᠤᠰ ᠢᠳᠡᠭᠡᠨ ᠤ ᠺᠣᠮᠫᠠᠨᠢ ᠠᠴᠠ ᠲᠡᠭᠡᠭᠡᠪᠦᠷᠢᠯᠡᠨ ᠠᠪᠴᠢᠷᠠᠭᠰᠠᠨ ᠤ ᠳᠠᠷᠠᠭ᠎ᠠ ᠬᠤᠳᠠᠯᠳᠤᠨ ᠪᠣᠷᠣᠯᠠᠭᠤᠯᠬᠤ ᠳᠤ ᠬᠦᠴᠢᠷ ᠠᠰᠠᠭᠤᠳᠠᠯ ᠲᠣᠯᠭᠠᠷᠠᠭᠰᠠᠨ ᠪᠠᠶᠢᠪᠠ᠃ ᠲᠡᠷᠡ ᠡᠳᠦᠷ ᠪᠦᠷᠢ ᠭᠤᠷᠪᠠᠨ ᠬᠦᠷᠳᠦᠲᠦ ᠴᠠᠬᠢᠯᠭᠠᠨ ᠬᠥᠳᠡᠯᠭᠡᠬᠦᠷᠲᠦ ᠮᠠᠰᠢᠨ ᠢᠶᠠᠨ ᠪᠠᠷᠢᠵᠤ ᠣᠷᠣᠯᠠᠨ ᠪᠣᠷᠣᠯᠠᠭᠤᠯᠬᠤ ᠬᠤᠳᠠᠯᠳᠤᠭ᠎ᠠ ᠲᠡᠯᠭᠡᠬᠦᠷ ᠡᠷᠢᠭᠰᠡᠨ ᠴᠦ ᠣᠷᠣᠯᠠᠨ ᠪᠣᠷᠣᠯᠠᠭᠤᠯᠬᠤ ᠬᠦᠮᠦᠨ ᠳᠡᠮᠡᠢ ᠦᠭᠡᠢ ᠪᠠᠶᠢᠯ᠎ᠠ᠃ ᠲᠡᠷᠡ ᠵᠣᠷᠢᠭ ᠰᠢᠨᠲᠠᠷᠠᠰᠢ ᠦᠭᠡᠢ ᠪᠠᠷ ᠡᠯ᠎ᠡ ᠬᠤᠳᠠᠯᠳᠤᠭ᠎ᠠ ᠲᠡᠯᠭᠡᠬᠦᠷ ᠤᠨ ᠡᠵᠡᠨᠳᠡᠨ ᠲᠠᠢ ᠨᠠᠷᠢᠨ ᠶᠠᠷᠢᠯᠴᠠᠬᠤ ᠪᠠᠷ ᠳᠠᠮᠵᠢᠭᠠᠳ 1000 ᠤᠭᠤᠲᠠ ᠰᠦ ᠲᠠᠢ ᠴᠠᠢ ᠶᠢᠨ ᠲᠠᠯᠬ᠎ᠠ ᠪᠠᠨ ᠪᠣᠷᠣᠯᠠᠭᠤᠯᠤᠭᠠᠳ 3000 ᠲᠥᠭᠦᠷᠢᠭ ᠤᠨ ᠠᠰᠢᠭ ᠣᠯᠪᠠ᠃ ᠣᠳᠣᠬᠠᠨ ᠳᠤ ᠬᠤᠳᠠᠯᠳᠤᠬᠤ ᠬᠡᠪᠴᠢᠶ᠎ᠡ ᠢᠶᠠᠨ ᠦᠦᠰᠢᠨ ᠬᠤᠰᠢᠭᠤ ᠪᠠᠷ ᠭᠤᠣᠯ ᠪᠣᠯᠭᠠᠵᠤ᠂ ᠠᠯᠬᠤᠮ ᠠᠯᠬᠤᠮ ᠢᠶᠠᠷ ᠵᠠᠬ᠎ᠠ ᠲᠡᠯᠭᠡᠬᠦᠷ ᠢᠶᠠᠨ ᠥᠷᠭᠡᠳᠬᠡᠨ ᠰᠦ ᠲᠠᠢ ᠴᠠᠢ ᠶᠢᠨ ᠲᠠᠯᠬ᠎ᠠ ᠶᠢ ᠪᠦᠬᠦ ᠤᠯᠤᠰ ᠤᠨ ᠡᠯ᠎ᠡ ᠭᠠᠵᠠᠷ ᠣᠷᠣᠨ ᠳᠤ ᠪᠣᠷᠣᠯᠠᠭᠤᠯᠬᠤ ᠪᠠᠷ ᠲᠥᠰᠥᠪᠯᠡᠵᠦ᠂ ᠬᠤᠶᠠᠳᠤᠭᠠᠷ ᠪᠦᠯᠦᠭ 5000 ᠤᠭᠤᠲᠠ ᠰᠦ ᠲᠠᠢ ᠴᠠᠢ ᠶᠢᠨ ᠲᠠᠯᠬ᠎ᠠ ᠶᠢ ᠶᠠᠭ ᠰᠠᠶᠢᠬᠠᠨ ᠦᠢᠯᠡᠳᠪᠦᠷᠢᠯᠡᠵᠦ ᠪᠠᠶᠢᠨ᠎ᠠ᠃
 
ᠢᠷᠡᠯᠲᠡ᠄ ᠳᠣᠰ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号