ᠪᠤᠭᠤᠷᠤᠯ ᠲᠡᠤᠬᠡ ᠲᠠᠢ ᠰᠢᠷᠬᠤᠰᠤᠨ ᠭᠤᠤᠯ ᠠᠴᠠ ᠳᠤᠮᠤᠭ ᠶᠡᠷᠤ ᠨᠢ ᠳᠠᠰᠤᠷᠠᠭ᠎ᠠ ᠦᠭᠡᠢ᠃ 3.5 | ᠲᠦᠮᠡᠨ ᠵᠢᠯ ᠤᠨ ᠡᠮᠦᠨ᠎ᠡ ᠠᠳᠡ ᠠᠴᠠ ᠪᠤᠷᠤᠲᠤᠬᠤᠢ ᠶᠢᠨ ᠬᠦᠮᠦᠨ ᠤ ᠤᠯᠠ ᠮᠦᠷ ᠤᠯᠳᠠᠪᠠ᠃ ᠦᠨᠦᠳᠦᠷ ᠡᠨᠡ | ᠨᠤᠲᠤᠭ ᠤᠨ ᠠᠯᠲᠠᠨ ᠬᠦᠷᠦᠰᠦ ᠶᠢ ᠰᠠᠬᠢᠨ ᠰᠠᠭᠤᠭ᠎ᠠ ᠦᠤᠰᠢᠨ ᠬᠤᠰᠢᠭᠤᠨ ᠤ ᠰᠦᠯᠳᠡ ᠰᠤᠮᠤᠨ ᠤ ᠴᠠᠮᠬᠠᠭ | ᠭᠠᠴᠠᠭᠠᠨ ᠤ ᠮᠠᠯᠴᠢᠳ ᠲᠠᠷᠢᠮᠠᠯ ᠤᠨ ᠪᠦᠲᠦᠴᠡ ᠳᠤ ᠪᠠᠨ ᠲᠤᠬᠢᠷᠠᠭᠤᠯᠤᠯᠲᠠ ᠬᠢᠵᠤ᠂ ᠪᠤᠭᠤᠲᠠᠢ ᠲᠠᠷᠢᠵᠤ ᠤᠷᠤᠯᠭ᠎ᠠ | ᠪᠠᠨ ᠨᠡᠮᠡᠭᠳᠡᠭᠦᠯᠦᠭᠡᠳ ᠰᠢᠷᠬᠤᠰᠤᠨ ᠭᠤᠤᠯ ᠤᠨ ᠰᠢᠨ᠎ᠡ ᠴᠠᠳᠢᠭ ᠢ ᠬᠦᠤᠷᠨᠢᠨ᠎ᠡ᠃ | | | | | ᠳᠡᠭᠡᠷ᠎ᠡ ᠵᠠᠭᠤᠨ ᠤ ᠳᠠᠯᠠᠭᠠᠳ ᠤᠨ ᠪᠤᠯᠲᠠᠯ᠎ᠠ ᠮᠠᠯᠴᠢᠳ ᠪᠤᠭᠤᠳᠠᠢ ᠶᠢ ᠲᠠᠷᠢᠬᠤ ᠪᠠᠶᠢᠲᠤᠭᠠᠢ ᠤᠯᠵᠤ | ᠢᠳᠡᠬᠦ ᠳᠤ ᠴᠦ ᠬᠦᠴᠢᠷᠳᠡᠵᠤ ᠪᠠᠶᠢᠭᠰᠠᠨ᠃ ᠤᠷᠳᠤᠰ ᠤᠨ ᠤᠯᠠᠩᠬᠢ ᠮᠠᠯᠴᠢᠨ ᠠᠶᠢᠯ ᠤᠨ ᠪᠤᠭᠤᠲᠠᠢ ᠶᠢᠨ ᠭᠤᠯᠢᠷ | ᠨᠢ ᠬᠠᠲᠤᠨ ᠭᠤᠤᠯ ᠳᠠᠭᠠᠤ ᠲᠠᠷᠢᠶᠠᠯᠠᠬᠤ ᠤᠷᠤᠨ ᠠᠴᠠ ᠢᠷᠡᠳᠡᠭ ᠢᠶᠠᠷ ᠮᠠᠯᠴᠢᠳ ᠶᠡᠭᠡ ᠬᠠᠮᠲᠤ ᠠᠴᠠ ᠲᠠᠪᠤ ᠠᠷᠪᠠᠨ | ᠵᠢᠩ ᠢᠶᠠᠷ ᠬᠤᠪᠢᠳᠠᠵᠤ ᠤᠯᠤᠭᠰᠠᠨ ᠪᠤᠭᠤᠲᠠᠢ ᠶᠢᠨ ᠭᠤᠯᠢᠷ ᠢᠶᠠᠨ ᠵᠢᠯ ᠴᠠᠭᠠᠨ ᠰᠠᠷ᠎ᠠ ᠢᠳᠡᠬᠦ ᠪᠤᠶᠤ ᠬᠤᠯᠠ | ᠤᠶᠢᠷ᠎ᠡ ᠠᠴᠠ ᠬᠦᠨᠳᠦᠲᠤ ᠵᠤᠴᠢᠨ ᠢᠷᠡᠬᠦ ᠳᠤ ᠯᠠ ᠭᠠᠷᠭᠠᠵᠤ ᠨᠢᠭᠤᠷ ᠲᠠᠭᠯᠠᠲᠠᠭ ᠪᠠᠶᠢᠪᠠ᠃ ᠡᠨᠡ ᠲᠡᠤᠬᠡ ᠬᠡᠵᠢᠶ᠎ᠡ | ᠬᠤᠶᠢᠨ᠎ᠠ ᠵᠠᠬ᠎ᠠ ᠶᠢᠨ ᠠᠵᠤ ᠠᠬᠤᠢ ᠳᠤ ᠤᠷᠤᠭᠠᠳ ᠠᠮᠤ ᠬᠦᠨᠡᠰᠣ᠂ ᠪᠠᠷᠠᠭ᠎ᠠ ᠲᠠᠸᠠᠷ ᠡᠯᠪᠡᠭ ᠪᠤᠯᠤᠭᠰᠠᠨ ᠤ | ᠳᠠᠷᠠᠭ᠎ᠠ ᠰᠠᠶ᠋ᠢ ᠡᠴᠦᠰᠯᠡᠵᠤ ᠪᠢᠯᠡ᠃ | ︽ᠦᠩᠭᠡᠷᠡᠭᠰᠡᠨ ᠤ ᠶᠠᠭᠤᠮ᠎ᠠ ᠤᠯᠠ ᠪᠤᠯᠵᠤ᠂ ᠦᠨᠤᠳᠤᠷ ᠤᠨ ᠶᠠᠭᠤᠮ᠎ᠠ ᠵᠤᠯᠠ ᠪᠤᠯᠤᠨ᠎ᠠ︾ ᠭᠡᠳᠡᠭ᠃ | ᠲᠡᠤᠬᠡ ᠶᠢᠨ ᠬᠠᠭᠤᠳᠠᠰᠤ ᠶᠢ ᠤᠷᠪᠠᠭᠤᠯᠤᠭᠠᠳ 2014 ᠤᠨ ᠪᠤᠯᠬᠤ ᠳᠤ ᠮᠠᠯᠴᠢᠨ ᠪᠤᠯᠤᠨ ᠪᠤᠭᠤᠳᠠᠢ ᠶᠢᠨ ᠬᠤᠪᠢ | ᠲᠠᠪᠢᠯᠠᠩ ᠲᠠᠰᠤ ᠦᠭᠡᠷ᠎ᠡ ᠪᠠᠷ ᠲᠡᠮᠳᠡᠭᠯᠡᠭᠳᠡᠬᠦ ᠪᠤᠯᠪᠠ᠃ ᠲᠤᠰ ᠵᠢᠯ ᠤᠨ ᠬᠠᠪᠤᠷ᠂ ᠦᠤᠰᠢᠨ ᠬᠤᠰᠢᠭᠤᠨ ᠤ | ᠰᠦᠯᠳᠡ ᠰᠤᠮᠤᠨ ᠤ ᠴᠠᠮᠬᠠᠭ ᠭᠠᠴᠠᠭᠠᠨ ᠤ ᠨᠠᠮ ᠤᠨ ᠡᠭᠦᠷ ᠤᠨ ᠱᠦᠵᠢ ᠡᠩᠬᠡᠰᠢᠳᠢ ᠡᠷᠳᠡᠨᠢ ᠰᠢᠰᠢ ᠶᠢᠨ ᠦᠨ᠎ᠡ | ᠬᠠᠩᠰᠢ ᠪᠠᠭᠤᠷᠠᠭᠰᠠᠨ ᠪᠤᠳᠠᠲᠤ ᠪᠠᠶᠢᠳᠠᠯ ᠳᠤ ᠴᠢᠭᠯᠡᠬᠦᠯᠦᠨ ᠲᠠᠷᠢᠮᠠᠯ ᠤᠨ ᠪᠦᠲᠦᠴᠡ ᠳᠤ ᠪᠠᠨ ᠲᠤᠬᠢᠷᠠᠭᠤᠯᠦᠯᠲᠠ | ᠬᠢᠬᠦ ᠶᠢ ᠰᠡᠲᠣᠵᠣ᠂ ᠦᠪᠡᠷ ᠤᠨ ᠲᠠᠷᠢᠶᠠᠨ ᠭᠠᠵᠠᠷ ᠲᠤ ᠪᠠᠨ 30 ᠮᠤ᠋ ᠪᠤᠭᠤᠲᠠᠢ ᠶᠢ ᠲᠤᠷᠰᠢᠨ ᠲᠠᠷᠢᠵᠠᠢ᠃ | ᠰᠠᠨᠠᠭᠠᠨ ᠠᠴᠠ ᠭᠠᠳᠠᠭᠤᠷ᠂ 7 ᠰᠠᠷ᠎ᠠ ᠳᠤ ᠪᠤᠭᠤᠲᠠᠢ ᠶᠢᠨ ᠲᠠᠷᠢᠶ᠎ᠠ ᠨᠢ ᠰᠢᠷᠭᠠᠯᠳᠤᠨ ᠪᠤᠯᠪᠠᠰᠤᠷᠠᠵᠤ ᠮᠤ᠋ ᠨᠢᠭᠡᠴᠢ | ᠶᠢᠨ ᠤᠷᠤᠯᠭ᠎ᠠ ᠨᠢ 1500 ᠲᠦᠬᠦᠷᠢᠭ ᠲᠤ ᠬᠦᠷᠴᠤ ᠡᠷᠳᠡᠨᠢ ᠰᠢᠰᠢ ᠶᠢᠨ ᠲᠠᠷᠢᠶᠠᠨ ᠤ ᠮᠤ᠋ ᠨᠢᠭᠡᠴᠢ ᠶᠢᠨ | ᠤᠷᠤᠯᠭ᠎ᠠ ᠨᠢ 1000 ᠲᠦᠭᠦᠷᠢᠭ ᠢ ᠳᠠᠪᠠᠭᠰᠠᠨ ᠪᠠᠶᠢᠨ᠎ᠠ᠃ | | | | | ᠴᠠᠮᠬᠠᠭ ᠭᠠᠴᠠᠭ᠎ᠠ ᠨᠢ ᠰᠢᠷᠬᠤᠰᠤᠨ ᠭᠤᠤᠯ ᠳᠠᠭᠠᠤ ᠰᠠᠭᠤᠷᠢᠰᠢᠭᠰᠠᠨ ᠢᠶᠠᠷ ᠠᠳᠡᠬᠢ ᠬᠦᠷᠦᠰᠤ ᠰᠢᠷᠤᠢ | ᠦᠩ ᠰᠢᠮᠡᠯᠢᠭ᠂ ᠤᠰᠤᠨ ᠤ ᠡᠬᠢ ᠰᠤᠷᠪᠤᠯᠵᠢ ᠡᠯᠪᠡᠭ᠂ ᠡᠯ᠎ᠡ ᠵᠦᠢᠯ ᠤᠨ ᠲᠠᠷᠢᠮᠠᠯ ᠢ ᠲᠠᠷᠢᠬᠤ ᠳᠤ ᠲᠤᠬᠢᠷᠠᠮᠵᠢᠲᠠᠢ | ᠪᠠᠶᠢᠳᠠᠭ᠃ ᠶᠠᠭ ᠡᠶᠢᠮᠤ ᠠᠴᠠ ᠮᠠᠯᠴᠢᠳ ᠨᠢ ᠲᠠᠷᠢᠶᠠᠯᠠᠩ ᠠᠵᠤ ᠠᠬᠤᠢ ᠲᠠᠢ ᠡᠷᠲᠡ ᠠᠴᠠ ᠤᠶᠢᠷᠠᠲᠤᠵᠤ᠂ | ᠤᠳᠤᠬᠠᠨ ᠪᠤᠯᠬᠤ ᠳᠤ ᠪᠦᠬᠦ ᠭᠠᠴᠠᠭᠠᠨ ᠤ ᠤᠰᠤᠨ ᠭᠠᠵᠠᠷ ᠨᠢ 64415 ᠮᠤ᠋ ᠳᠤ ᠬᠦᠷᠴᠤ᠂ ᠡᠷᠤᠬᠡ | ᠳᠤᠮᠳᠠᠴᠢᠯᠠᠨ 120 ᠮᠤ᠋᠂ ᠬᠦᠮᠦᠨ ᠲᠤᠲᠤᠮ ᠳᠤ 33 ᠮᠤ᠋ ᠤᠰᠤᠨ ᠭᠠᠵᠠᠷ ᠨᠤᠭᠳᠠᠵᠤ ᠪᠤᠢ᠃ ᠭᠡᠪᠡᠴᠤ ᠲᠠᠷᠢᠮᠠᠯ | ᠤᠨ ᠪᠦᠲᠦᠴᠡ ᠳᠠᠩ ᠴᠤᠯᠭᠤᠢ᠂ ᠲᠠᠷᠢᠶᠠᠯᠠᠭ᠎ᠠ ᠶᠢᠨ ᠲᠤᠷᠰᠢᠯᠭ᠎ᠠ ᠮᠡᠭᠦᠰ ᠠᠴᠠ ᠪᠤᠯᠵᠤ᠂ ᠴᠠᠮᠬᠠᠭ ᠭᠠᠴᠠᠭᠠᠨ ᠤ | ᠲᠠᠷᠢᠶᠠᠯᠠᠩ ᠠᠵᠤ ᠠᠬᠤᠢ ᠨᠢ ᠤᠳᠠᠭᠠᠨ ᠵᠢᠯ ᠤᠨ ᠲᠤᠷᠰᠢ ᠲᠠᠷᠢᠮᠠᠯ ᠤᠨ ᠲᠠᠯᠠᠪᠠᠢ ᠶᠡᠭᠡ᠂ ᠬᠦᠳᠡᠯᠮᠤᠷᠢ ᠭᠦᠴᠦ | ᠲᠤᠲᠠᠮᠠᠭ᠂ ᠦᠷ᠎ᠡ ᠠᠰᠢᠭ ᠳᠤᠤᠷ᠎ᠠ ᠨᠠᠵᠠᠭᠠᠢ ᠪᠠᠶᠢᠳᠠᠯ ᠠᠴᠠ ᠰᠠᠯᠵᠤ ᠴᠢᠳᠠᠭ᠎ᠠ ᠦᠭᠡᠢ᠃ ᠡᠩᠬᠡᠰᠢᠳᠢ ᠶᠢᠨ | ᠲᠠᠨᠢᠯᠴᠠᠭᠤᠯᠬᠤ ᠪᠠᠷ ᠵᠡᠷᠭᠡᠯᠡᠳᠡᠭᠡ ᠪᠠᠶᠢᠷᠢᠰᠢᠬᠤ ᠪᠤᠷᠤᠪᠠᠯᠭᠠᠰᠤ ᠶᠢᠨ ᠨᠢᠭᠡ ᠲᠠᠷᠢᠶᠠᠴᠢᠨ ᠡᠷᠤᠬᠡ 70 ᠮᠤ᠋ ᠲᠠᠷᠢᠶᠠᠨ | ᠭᠠᠵᠠᠷ ᠲᠠᠢ᠃ ᠲᠡᠳᠡᠨᠡᠶᠢᠬᠢᠨ 2 ᠬᠦᠯᠡᠮᠵᠢ ᠯᠠᠵᠤᠤ᠂ 5 ᠮᠤ᠋ ᠪᠠᠶᠢᠭᠠᠯᠢᠯᠢᠭ ᠯᠠᠵᠤᠤ᠂ 5 ᠮᠤ᠋ ᠲᠠᠷᠪᠤᠰ ᠲᠠᠷᠢᠭᠠᠳ | ᠵᠢᠯ ᠤᠨ 12 ᠲᠦᠮᠡᠨ ᠲᠦᠭᠦᠷᠢᠭ ᠤᠨ ᠤᠷᠤᠯᠭ᠎ᠠ ᠤᠯᠴᠢᠬᠠᠳᠠᠭ᠃ ᠮᠠᠨᠠᠶᠢᠬᠢᠨ 200 ᠮᠤ᠋ ᠡᠷᠳᠡᠨᠢ ᠰᠢᠰᠢ | ᠲᠠᠷᠢᠭᠠᠳ ᠡᠨᠡ ᠬᠢᠷᠢ ᠤᠷᠤᠯᠭ᠎ᠠ ᠤᠯᠵᠤ ᠴᠢᠳᠠᠳᠠᠭ ᠦᠭᠡᠢ᠃ ᠶᠠᠭᠠᠬᠢᠭᠠᠳ ᠭᠡᠪᠡᠯ᠂ ᠮᠠᠨᠠᠶᠢᠬᠢᠨ ᠤ ᠲᠠᠷᠢᠮᠠᠯ ᠤᠨ | ᠪᠦᠲᠦᠴᠡ ᠳᠠᠩ ᠴᠤᠯᠭᠤᠢ᠂ ᠲᠡᠭᠡᠭᠡᠳ ᠡᠷᠳᠡᠨᠢ ᠰᠢᠰᠢ ᠳᠤ ᠪᠠᠨ ᠬᠢᠮᠢ ᠶᠢᠨ ᠪᠤᠷᠳᠤᠭᠤᠷ ᠤᠷᠤᠭᠤᠯᠬᠤ ᠳᠤ ᠪᠠᠨ | ᠨᠠᠷᠢᠯᠠᠴᠢᠬᠠᠳᠠᠭ᠂ ᠢᠩᠬᠢᠭᠡᠳ ᠬᠦᠮᠦᠨ ᠤ ᠡᠷᠳᠡᠨᠢ ᠰᠢᠰᠢ ᠮᠤ᠋ ᠨᠢᠭᠡᠴᠢ ᠳᠤ 2000 ᠵᠢᠩ ᠬᠤᠷᠢᠶᠠᠬᠤ ᠳᠤ | ᠮᠠᠨᠠᠶᠢᠬᠢᠨ ᠠᠷᠠᠢ ᠴᠠᠷᠠᠢ 1500 ᠵᠢᠩ ᠬᠤᠷᠢᠶᠠᠳᠠᠭ᠃ ᠠᠳᠠᠯᠢᠬᠠᠨ ᠲᠠᠷᠢᠶᠠᠨ ᠭᠠᠵᠠᠷ ᠤᠨ ᠤᠷᠤᠯᠭ᠎ᠠ ᠶᠢᠨ ᠲᠠᠯ᠎ᠠ | ᠳᠠᠬᠢ ᠵᠦᠷᠢᠶ᠎ᠡ ᠨᠢ ᠴᠠᠮᠬᠠᠭ ᠭᠠᠴᠠᠭᠠᠨ ᠤ ᠮᠠᠯᠴᠢᠳ ᠲᠤ ᠲᠠᠷᠢᠮᠠᠯ ᠤᠨ ᠪᠦᠲᠦᠴᠡ ᠳᠤ ᠪᠠᠨ ᠲᠤᠬᠢᠷᠠᠭᠤᠯᠤᠯᠲᠠ ᠬᠢᠬᠦ | ᠲᠤᠯᠭᠠᠮ᠎ᠠ ᠱᠠᠭᠠᠷᠳᠠᠯᠭ᠎ᠠ ᠶᠢ ᠲᠠᠯᠪᠢᠵᠡᠢ᠃ 2014 ᠤᠨ ᠠᠴᠠ ᠨᠠᠰᠢ ᠲᠤᠰ ᠭᠠᠴᠠᠭᠠᠨ ᠤ ᠮᠠᠯᠴᠢᠳ ᠪᠤᠭᠤᠳᠠᠢ | ᠲᠠᠷᠢᠬᠤ᠂ ᠤᠯᠠᠭᠠᠨ ᠠᠮᠤ ᠲᠠᠷᠢᠬᠤ᠂ ᠯᠠᠵᠤᠤ ᠲᠠᠷᠢᠬᠤ ᠤᠯᠠᠨ ᠲᠠᠯ᠎ᠠ ᠶᠢᠨ ᠲᠤᠷᠰᠢᠴᠠ ᠶᠢ ᠬᠢᠪᠡ᠃ ᠦᠢᠯᠡᠳᠤᠯᠭᠡ | ᠶᠢᠨ ᠶᠠᠪᠤᠴᠠ ᠳᠤ ᠪᠤᠭᠤᠳᠠᠢ ᠲᠠᠷᠢᠬᠤ ᠨᠢ ᠬᠢᠮᠢ ᠶᠢᠨ ᠪᠤᠷᠳᠤᠭᠤᠷ ᠬᠡᠷᠡᠭᠯᠡᠬᠦ ᠦᠬᠡᠢ ᠪᠠᠷ ᠤᠨᠠᠯᠲᠠ ᠪᠠᠨ ᠪᠠᠲᠤᠯᠠᠵᠤ | ᠪᠤᠯᠬᠤ ᠨᠢ ᠰᠢᠭᠡᠭ ᠪᠤᠷᠳᠤᠭᠤᠷ ᠡᠯᠪᠡᠭ ᠮᠠᠯᠵᠢᠬᠤ ᠤᠷᠤᠨ ᠤ ᠪᠤᠳᠠᠲᠤ ᠪᠠᠶᠢᠳᠠᠯ ᠳᠤ ᠨᠡᠶᠢᠴᠡᠵᠤ᠂ ᠪᠤᠭᠤᠳᠠᠢ ᠲᠠᠷᠢᠬᠤ | ᠡᠷᠤᠬᠡ ᠤᠯᠠᠮ ᠢᠶᠠᠷ ᠤᠯᠠᠰᠢᠷᠠᠭᠰᠠᠨ ᠪᠠᠶᠢᠨ᠎ᠠ᠃ ᠨᠢᠳᠤᠨᠤᠨ ᠲᠤᠰ ᠭᠠᠴᠠᠭᠠᠨ ᠤ 7 ᠠᠶᠢᠯ 200 ᠮᠤ᠋ ᠪᠤᠭᠤᠳᠠᠢ | ᠲᠠᠷᠢᠵᠤ ᠪᠠᠶᠢᠭᠰᠠᠨ ᠪᠤᠯ ᠡᠨᠡ ᠬᠠᠪᠤᠷ ᠲᠦᠴᠢᠭᠡᠳ ᠡᠷᠤᠬᠡ 800 ᠮᠤ᠋ ᠪᠤᠭᠤᠳᠠᠢ ᠲᠠᠷᠢᠵᠠᠢ᠃ ᠪᠤᠭᠤᠳᠠᠢ ᠶᠢᠨ ᠮᠤ᠋ | ᠨᠢᠭᠡᠴᠢ ᠶᠢᠨ ᠤᠨᠠᠯᠳᠠ ᠨᠢ 800 ᠵᠢᠩ ᠳᠤ ᠬᠦᠷᠴᠤ᠂ ᠪᠤᠭᠤᠳᠠᠢ ᠪᠠᠷ ᠨᠢ ᠬᠤᠳᠠᠯᠳᠤᠪᠠᠯ ᠵᠢᠩ ᠤᠨ 1.5 | ᠲᠦᠭᠦᠷᠢᠭ᠂ ᠪᠤᠯᠪᠠᠰᠤᠷᠠᠭᠤᠯᠤᠨ ᠭᠤᠯᠢᠷ ᠪᠤᠯᠭᠠᠵᠤ ᠬᠤᠳᠠᠯᠳᠤᠪᠠᠯ ᠵᠢᠩ ᠤᠨ 6 ᠲᠦᠭᠦᠷᠢᠭ ᠲᠤ ᠭᠦᠷᠳᠡᠭ᠃ | 2017 ᠤᠨ ᠤ ᠨᠠᠮᠤᠷ ᠰᠦᠯᠳᠡ ᠰᠤᠮᠤᠨ ᠠᠴᠠ 350 ᠲᠦᠮᠡᠨ ᠲᠦᠭᠦᠷᠢᠭ ᠤᠨ ᠪᠡᠯᠡ ᠮᠦᠩᠬᠦ ᠤᠷᠤᠭᠤᠯᠵᠤ | ᠴᠠᠮᠬᠠᠭ ᠭᠠᠴᠠᠭᠠᠨ ᠳᠡᠭᠡᠷ᠎ᠡ 500 ᠲᠡᠭᠰᠢ ᠲᠦᠷᠪᠡᠯᠵᠢᠨ ᠮᠧᠲᠷ ᠲᠠᠯᠠᠪᠠᠢ ᠪᠦᠬᠦᠢ ᠭᠤᠯᠢᠷ ᠤᠨ ᠦᠢᠯᠡᠳᠪᠤᠷᠢ | ᠪᠠᠶᠢᠭᠤᠯᠤᠭᠰᠠᠨ ᠨᠢ ᠲᠤᠰ ᠭᠠᠴᠠᠭᠠᠨ ᠤ ᠪᠤᠭᠤᠳᠠᠢ ᠶᠢ ᠲᠠᠷᠢᠬᠤ᠂ ᠪᠤᠯᠪᠠᠰᠤᠷᠠᠭᠤᠯᠬᠤ᠂ ᠪᠤᠷᠤᠯᠠᠭᠤᠯᠬᠤ ᠶᠢ | ᠴᠤᠭᠴᠠᠵᠢᠭᠤᠯᠤᠨ ᠡᠵᠡᠩᠨᠡᠬᠦ ᠳᠤ ᠨᠦᠭᠦᠴᠡᠯ ᠪᠦᠷᠢᠯᠳᠤᠬᠦᠯᠵᠤ ᠦᠭᠴᠠᠢ᠃ ᠨᠢᠳᠣᠨᠤᠨ ᠲᠡᠳᠡ ᠪᠤᠯᠪᠠᠰᠤᠷᠠᠭᠤᠯᠤᠭᠰᠠᠨ | ᠭᠤᠯᠢᠷ ᠲᠤ ᠪᠠᠨ ︽ᠵᠢᠪᠬᠤᠭᠠᠲᠤ ᠰᠦᠯᠳᠡ︾ ᠱᠣᠰᠢᠭ᠎ᠠ ᠶᠢ ᠳᠠᠩᠰᠠᠯᠠᠭᠤᠯᠵᠤ᠂ 5 ᠲᠦᠮᠡᠨ ᠵᠢᠩ ᠭᠤᠯᠢᠷ | ᠦᠢᠯᠡᠳᠪᠤᠷᠢᠯᠡᠭᠰᠡᠨ ᠪᠠᠶᠢᠨ᠎ᠠ᠃ ᠪᠤᠯᠪᠠᠰᠤᠷᠠᠭᠤᠯᠤᠭᠰᠠᠨ ᠭᠤᠯᠢᠷ ᠢᠶᠠᠨ 10 ᠵᠢᠩ᠂ 20 ᠵᠢᠩ ᠬᠤᠶᠠᠷ ᠵᠦᠢᠯ | ᠪᠤᠭᠤᠳᠠᠯᠯᠠᠵᠤ᠂ ᠳ᠋ᠦᠩᠱᠧᠩ᠂ ᠬᠦᠬᠡᠬᠤᠲᠠ ᠳᠤ ᠤᠬᠤᠷᠬᠠᠨ ᠬᠤᠭᠤᠴᠠᠭᠠᠨ ᠤ ᠳᠤᠲᠤᠷ᠎ᠠ ᠪᠤᠷᠤᠯᠠᠭᠤᠯᠵᠤ | ᠬᠠᠩᠭᠠᠯᠭ᠎ᠠ ᠨᠢ ᠬᠡᠷᠡᠭᠯᠡᠭᠡ ᠳᠤ ᠪᠠᠨ ᠭᠦᠷᠬᠦ ᠦᠭᠡᠢ ᠰᠠᠶᠢᠬᠠᠨ ᠪᠠᠶᠢᠳᠠᠯ ᠢᠯᠡᠷᠡᠭᠰᠡᠨ ᠪᠠᠶᠢᠨ᠎ᠠ᠃ | | | | | ᠴᠠᠮᠬᠠᠭ ᠭᠠᠴᠠᠭᠠᠨ ᠤ ᠮᠠᠯᠴᠢᠳ ᠪᠤᠭᠤᠳᠠᠢ ᠲᠠᠷᠢᠬᠤ ᠳᠤ ᠪᠠᠨ ᠬᠡᠷᠰᠡᠤ ᠪᠤᠯᠭᠤᠮᠵᠢᠲᠠᠢ ᠤᠷᠤᠵᠤ᠂ | ᠬᠤᠵᠢᠷᠯᠢᠭ᠂ ᠰᠢᠪᠠᠷᠯᠢᠭ᠂ ᠡᠯᠡᠰᠤᠷᠭᠡᠭ ᠭᠠᠵᠠᠷ ᠲᠤ ᠪᠦᠷ ᠲᠤᠷᠰᠢᠨ ᠲᠠᠷᠢᠵᠤ ᠠᠮᠵᠢᠯᠲᠠ ᠤᠯᠤᠭᠰᠠᠨ ᠤ ᠳᠠᠷᠠᠭ᠎ᠠ | ᠪᠤᠭᠤᠳᠠᠢ ᠶᠢᠨ ᠲᠠᠷᠢᠶ᠎ᠠ ᠪᠠᠨ ᠠᠯᠬᠤᠮ ᠠᠯᠬᠤᠮ ᠢᠶᠠᠷ ᠨᠡᠮᠡᠭᠳᠡᠭᠦᠯᠵᠡᠢ᠃ ᠡᠨᠡ ᠵᠢᠯ ᠠᠴᠠ ᠲᠤᠰ ᠭᠠᠴᠠᠭ᠎ᠠ ᠪᠤᠭᠤᠲᠠᠢ | ᠲᠠᠷᠢᠬᠤ ᠶᠢ ᠤᠨᠢᠨ ᠳᠡᠭᠡᠷ᠎ᠡ ᠨᠢ ᠶᠠᠳᠠᠭᠤ ᠶᠢ ᠳᠡᠳᠭᠦᠭᠦ ᠲᠠᠢ ᠤᠶᠠᠯᠳᠤᠭᠤᠯᠤᠭᠰᠠᠨ ᠨᠢ ᠮᠠᠯᠵᠢᠬᠤ ᠤᠷᠤᠨ ᠤ | ᠶᠠᠳᠠᠭᠤ ᠶᠢ ᠳᠡᠳᠭᠦᠨ ᠪᠤᠭᠤᠮᠲᠠ ᠰᠢᠪᠲᠤᠯᠬᠤ ᠠᠵᠢᠯ ᠳᠤ ᠪᠠᠰᠠ ᠨᠢᠭᠡᠨ ᠰᠢᠨ᠎ᠡ ᠵᠠᠮ ᠢ ᠨᠡᠭᠡᠭᠡᠪᠡ᠃ ᠲᠡᠮᠤᠷᠪᠠᠭᠠᠲᠤᠷ | ᠪᠤᠯ ᠲᠤᠰ ᠭᠠᠴᠠᠭᠠᠨ ᠤ ᠬᠤᠲᠠ ᠶᠢᠨ ᠳᠡᠰ ᠤᠨ ᠶᠠᠳᠠᠭᠤ ᠡᠷᠤᠬᠡ ᠶᠤᠮ᠃ ᠡᠨᠡ ᠬᠠᠪᠤᠷ ᠭᠠᠴᠠᠭᠠᠨ ᠠᠴᠠ ᠪᠤᠭᠤᠳᠠᠢ | ᠶᠢᠨ ᠭᠦᠷᠦᠩᠭᠡ ᠭᠠᠷᠭᠠᠵᠤ ᠮᠠᠰᠢᠨ ᠮᠧᠬᠠᠨᠢᠭ ᠬᠦᠯᠦᠰᠤᠯᠡᠨ ᠲᠡᠳᠡᠨ ᠤ ᠬᠢᠨ ᠳᠤ 70 ᠮᠤ᠋ ᠪᠤᠭᠤᠳᠠᠢ ᠲᠠᠷᠢᠭᠰᠠᠨ ᠨᠢ | ᠲᠡᠭᠦᠨ ᠤ ᠶᠠᠳᠠᠭᠤ ᠠᠴᠠ ᠠᠩᠬᠢᠵᠢᠷᠠᠨ ᠪᠠᠶᠠᠵᠢᠵᠤ ᠴᠢᠨᠡᠭᠡᠯᠢᠭᠵᠢᠬᠦ ᠢᠲᠡᠭᠡᠯ ᠵᠤᠷᠢᠭ ᠢ ᠨᠢ ᠶᠡᠭᠡᠳᠡ ᠬᠦᠪᠴᠢᠯᠡᠵᠠᠢ᠃ | ᠮᠢᠩᠭᠠᠨᠪᠤᠤ ᠪᠤᠯ ᠭᠠᠴᠠᠭᠠᠨ ᠤ ᠭᠤᠯᠢᠷ ᠤᠨ ᠤᠶᠢᠯᠡᠳᠪᠤᠷᠢ ᠶᠢᠨ ᠮᠡᠷᠭᠡᠵᠢᠯᠳᠡᠨ ᠶᠤᠮ᠂ ᠭᠠᠴᠠᠭᠠᠨ ᠠᠴᠠ ᠡᠨᠡ ᠵᠢᠯ | ᠭᠤᠯᠢᠷ ᠪᠤᠯᠪᠠᠰᠤᠷᠠᠭᠤᠯᠬᠤ ᠳᠤ ᠲᠡᠭᠦᠨ ᠳᠤ 1 ᠵᠢᠩ ᠭᠤᠯᠢᠷ ᠲᠠᠯᠬᠠᠳᠠᠪᠠᠯ 0.15 ᠲᠦᠭᠦᠷᠢᠭ ᠤᠨ ᠨᠦᠭᠦᠪᠦᠷᠢ | ᠤᠯᠭᠤᠵᠤ ᠶᠠᠳᠠᠭᠤ ᠠᠴᠠ ᠠᠩᠬᠢᠵᠢᠷᠠᠭᠤᠯᠬᠤ ᠳᠤ ᠨᠢ ᠬᠠᠮ ᠳᠡᠮ ᠪᠤᠯᠬᠤ ᠪᠠᠷ ᠪᠤᠳᠤᠯᠬᠢᠯᠠᠵᠤ ᠪᠠᠶᠢᠯ᠎ᠠ᠃ |