ᠤᠢ ᠰᠢᠭᠤᠢ ᠶᠢᠨ ᠬᠦᠨᠦᠭᠡᠯᠲᠤ ᠬᠤᠷᠤᠬᠠᠢ ᠶᠢ ᠰᠡᠷᠬᠡᠶᠢᠯᠡᠨ ᠵᠠᠰᠠᠬᠤ ᠲᠤᠬᠠᠢ ᠮᠡᠳᠡᠭᠳᠡᠯ
ᠨᠡᠶᠢᠲᠡᠯᠡᠭᠰᠡᠨ ᠴᠠᠭ᠄
2018-05-28
     ᠤᠳᠤᠬᠠᠨ ᠳᠤ ᠮᠠᠨ ᠤ ᠬᠤᠰᠢᠭᠤᠨ ᠤ ᠤᠢ ᠰᠢᠭᠤᠢ ᠳᠤ ᠬᠦᠭᠡᠰᠤ ᠵᠢᠷᠭᠢᠷ᠎ᠠ᠂ ᠬᠠᠪᠤᠷ ᠢᠷᠤᠬᠠᠢ᠂ ᠬᠤᠤᠷᠳᠤ ᠡᠷᠪᠡᠭᠡᠢ ᠵᠡᠷᠬᠡ ᠬᠤᠷᠣᠬᠠᠢ ᠶᠢᠨ ᠬᠦᠨᠦᠬᠡᠯ  ᠨᠡᠯᠢᠶᠡᠳ ᠬᠦᠨᠲᠤ ᠨᠤᠴᠢᠲᠠᠢ ᠪᠣᠯᠵᠣ ᠪᠤᠢ᠃ ︽ᠤᠢ ᠰᠢᠭᠤᠢ ᠶᠢᠨ ᠬᠦᠨᠦᠭᠡᠯᠲᠤ ᠠᠮᠢᠲᠤ ᠪᠤᠳᠠᠰ ᠢ ᠰᠡᠷᠬᠡᠶᠢᠯᠡᠨ ᠵᠠᠰᠠᠬᠤ ᠠᠵᠢᠯ ᠢ ᠤᠯᠠᠮ ᠨᠢᠭᠡ ᠠᠯᠬᠤᠮ ᠴᠢᠩᠭᠠᠳᠬᠠᠬᠤ ᠲᠤᠬᠠᠢ ᠲᠦᠷᠦ ᠶᠢᠨ ᠶᠠᠪᠤᠳᠠᠯ ᠤᠨ ᠬᠤᠷᠢᠶᠠᠨ ᠤ ᠠᠯᠪᠠᠨ ᠭᠡᠷ ᠤᠨ ᠰᠠᠨᠠᠯ︾ ︵ᠤᠯᠤᠰ ᠠᠯᠪᠠᠨ ᠲᠠᠷᠬᠠᠭᠠᠬᠤ ﹇2014﹈ 26  ᠳ᠋ᠣᠭᠠᠷ ᠳᠣᠭᠠᠳᠣ︶ ᠪᠢᠴᠢᠭ ᠮᠠᠲ᠋ᠧᠷᠢᠶᠠᠯ ᠤᠨ ᠠᠷᠪᠠᠨ ᠨᠢᠭᠡᠳᠦᠭᠡᠷ ᠵᠤᠷᠪᠤᠰ ᠪᠠ ︽ᠪᠦᠬᠦᠳᠡ ᠨᠠᠶᠢᠷᠠᠮᠳᠠᠬᠤ ᠲᠤᠮᠳᠠᠲᠤ ᠠᠷᠠᠳ ᠤᠯᠤᠰ ᠤᠨ ᠤᠢ ᠰᠢᠭᠤᠢ ᠶᠢᠨ ᠬᠦᠨᠦᠭᠡᠯᠲᠤ ᠬᠤᠷᠤᠬᠠᠢ ᠶᠢ ᠰᠡᠷᠬᠡᠶᠢᠯᠡᠨ ᠵᠠᠰᠠᠬᠤ ᠲᠦᠷᠢᠮ︾ ᠤᠨ ᠲᠦᠷᠪᠡᠳᠦᠭᠡᠷ ᠵᠤᠷᠪᠤᠰ ᠲᠤᠭᠳᠠᠭᠠᠯ ᠢ ᠦᠨᠳᠦᠰᠦᠯᠡᠪᠡᠯ᠂ ᠤᠢ ᠰᠢᠭᠤᠢ ᠶᠢᠨ ᠬᠦᠨᠦᠭᠡᠯᠲᠤ ᠠᠮᠢᠳᠤ ᠪᠤᠳᠠᠰ ᠢ ᠰᠡᠷᠭᠡᠶᠢᠯᠡᠨ ᠵᠠᠰᠠᠬᠤ ᠳᠤ ︽ᠭᠡᠨ ᠡᠵᠡᠩᠨᠡᠪᠡᠯ ᠭᠡᠨ ᠰᠡᠷᠭᠡᠶᠢᠯᠡᠨ ᠵᠠᠰᠠᠬᠤ︾ ᠬᠠᠷᠢᠭᠤᠴᠠᠯᠭ᠎ᠠ ᠶᠢᠨ ᠲᠦᠷᠢᠮ  ᠢ ᠭᠡᠷᠡᠭᠵᠢᠬᠦᠯᠵᠦ᠂ ᠮᠠᠯᠴᠢᠨ ᠲᠠᠷᠢᠶᠠᠴᠢᠨ ᠪᠤᠯ ᠰᠡᠷᠬᠡᠶᠢᠯᠡᠨ ᠵᠠᠰᠠᠬᠤ ᠭᠤᠤᠯ ᠴᠤᠭᠴᠠ ᠪᠣᠯᠣᠨ᠎ᠠ᠃ ᠮᠠᠯᠴᠢᠨ ᠳᠠᠷᠢᠶᠠᠴᠢᠨ ᠰᠡᠷᠭᠡᠶᠢᠯᠡᠨ ᠵᠠᠰᠠᠬᠤ ᠶᠠᠪᠤᠴᠠ ᠳᠠᠭᠠᠨ ᠬᠦᠮᠦᠨ ᠮᠠᠯ ᠤᠨ ᠠᠮᠤᠷ ᠲᠦᠪᠰᠢᠨ ᠢ ᠠᠩᠬᠠᠷᠴᠤ᠂ ᠬᠠᠮᠠᠭᠠᠯᠠᠯᠲᠠ ᠶᠢᠨ ᠬᠤᠪᠴᠠᠰᠤ᠂ ᠠᠮᠠᠪᠴᠢ ᠪᠠ ᠪᠡᠭᠡᠯᠡᠢ ᠵᠡᠷᠭᠡ ᠰᠠᠷᠬᠡᠶᠢᠯᠡᠨ ᠬᠠᠮᠠᠭᠠᠯᠠᠬᠤ ᠪᠠᠭᠠᠵᠢ ᠬᠡᠷᠡᠭᠯᠡᠵᠤ᠂ ᠪᠤᠷᠤᠭᠠᠨ ᠲᠠᠢ ᠡᠳᠤᠷ᠂ ᠦᠨᠳᠤᠷ ᠬᠠᠯᠠᠭᠤᠨ ᠡᠳᠤᠷ ᠡᠮ ᠬᠡᠷᠡᠭᠯᠡᠬᠦ ᠠᠴᠠ ᠵᠠᠶᠢᠯᠠᠰᠬᠢᠬᠤ ᠬᠡᠷᠡᠭᠲᠠᠢ᠃      ᠬᠦᠭᠡᠰᠤ ᠵᠢᠷᠬᠢᠷ᠎ᠠ᠄ ᠭᠤᠤᠯᠳᠠᠭᠤ ᠮᠤᠳᠤᠨ ᠤ ᠨᠢᠯᠬ᠎ᠠ ᠰᠠᠯᠠᠭ᠎ᠠ ᠨᠠᠪᠴᠢ ᠵᠡᠷᠭᠡ ᠳᠤ ᠠᠮᠢᠳᠤᠷᠠᠳᠠᠭ᠃ ᠮᠤᠳᠤᠨ ᠠᠴᠠ ᠰᠢᠮ᠎ᠠ ᠲᠡᠵᠢᠭᠡᠯ ᠢ ᠰᠣᠷᠣᠵᠣ᠂  ᠬᠦᠭᠡᠰᠤ ᠪᠤᠯᠭᠠᠨ ᠢᠯᠭᠠᠷᠠᠭᠤᠯᠳᠠᠭ  ᠃      ᠰᠡᠷᠭᠡᠶᠢᠯᠡᠬᠦ ᠠᠷᠭ᠎ᠠ᠄      ① ᠦᠨᠳᠡᠭᠡ ᠲᠠᠢ ᠰᠠᠯᠠᠭ᠎ᠠ ᠨᠠᠮᠠᠭ᠎ᠠ ᠶᠢ ᠰᠢᠳᠠᠭᠠᠬᠤ︔      ②ᠲᠠᠪᠤᠳᠤᠭᠠᠷ ᠰᠠᠷ᠎ᠠ ᠶᠢᠨ ᠲᠤᠮᠳᠠᠴᠢ ᠪᠠᠷ 50% ᠶᠢᠨ ᠠᠭᠤᠰᠣᠮᠠᠯ ᠤᠨ ᠳ᠋ᠢᠩ ᠴᠦᠩ ᠮᠢ  ︵啶虫脒︶   ᠶᠢ 6000 — 8000 ᠲᠠᠬᠢᠨ ᠰᠢᠩᠭᠡᠯᠡᠵᠦ ᠰᠦᠷᠴᠢᠬᠦ᠃

     ᠬᠠᠪᠤᠷ ᠢᠷᠤᠬᠠᠢ᠄ ᠬᠠᠶᠢᠷᠰᠤᠳᠤ ᠲᠠᠯᠠᠪᠴᠢᠳᠠᠨ ᠤ ᠪᠠᠭ᠂ ᠲᠠᠯᠠᠪᠴᠢᠳᠤ ᠢᠳᠤᠬᠠᠨ ᠡᠷᠪᠡᠭᠡᠢ ᠶᠢᠨ ᠢᠵᠠᠭᠤᠷ

ᠪᠠᠶᠢᠵᠣ ᠭᠤᠤᠯᠳᠠᠭᠤ ᠬᠠᠷᠭᠠᠨ᠎ᠠ ᠳᠤ ᠠᠮᠢᠳᠤᠷᠠᠵᠦ ᠬᠦᠨᠤᠭᠡᠯ ᠤᠴᠠᠷᠠᠭᠤᠯᠳᠠᠭ  ᠃

     ᠰᠡᠷᠭᠡᠶᠢᠯᠡᠬᠦ ᠠᠷᠭ᠎ᠠ᠄

     ① ᠬᠠᠷᠭᠠᠨ᠎ᠠ ᠶᠢ ᠳᠣᠭᠤᠷᠢᠭᠤᠯᠣᠨ ᠬᠦᠨᠴᠠ ᠪᠠ ᠦᠷᠬᠡᠴᠡ ᠨᠢ 10cm ᠤᠨ ᠨᠦᠬᠡ ᠮᠠᠯᠳᠠᠬᠤ︔

     ② ᠲᠠᠪᠤᠳᠤᠭᠠᠷ ᠰᠠᠷ᠎ᠠ ᠶᠢᠨ ᠲᠤᠮᠳᠠᠴᠢ ᠪᠠᠷ 3% ᠶᠢᠨ ᠠᠭᠤᠰᠣᠮᠠᠯ ᠤᠨ ᠪᠧᠨ ᠶᠠᠩ ᠸᠧᠢ ︵笨氧威

︶ ᠶᠢ 2000 — 2500  ᠲᠠᠬᠢᠨ ᠰᠢᠩᠭᠡᠯᠡᠵᠦ ᠰᠦᠷᠴᠢᠬᠦ  ᠃

     ᠬᠤᠤᠷᠳᠤ ᠢᠳᠣᠬᠠᠨ ᠡᠷᠪᠡᠭᠡᠢ᠄ ᠬᠠᠶᠢᠷᠰᠤᠳᠤ ᠳᠠᠯᠠᠪᠴᠢᠳᠠᠨ ᠤ ᠪᠠᠭ᠂ ᠬᠤᠤᠷᠳᠤ ᠢᠳᠤᠬᠠᠨ ᠡᠷᠪᠡᠭᠡᠢ ᠶᠢᠨ

ᠢᠵᠠᠭᠤᠷ ᠪᠠᠶᠢᠵᠣ ᠭᠤᠤᠯᠳᠠᠭᠤ ᠪᠤᠷᠭᠠᠰᠤ᠂  ᠤᠳᠠ ᠮᠤᠳᠤᠨ ᠳᠤ ᠬᠦᠨᠤᠭᠡᠯ ᠶᠡᠭᠡ ᠲᠠᠢ᠃ 5 ᠳ᠋ᠤᠭᠠᠷ ᠰᠠᠷ᠎ᠠ ᠶᠢᠨ

ᠡᠬᠢᠨ ᠠᠴᠠ ᠬᠦᠨᠤᠭᠡᠯ ᠶᠡᠬᠡᠪᠡᠷ ᠳᠡᠯᠬᠡᠷᠡᠳᠡᠭ  ᠃

     ᠰᠡᠷᠭᠡᠶᠢᠯᠡᠬᠦ ᠠᠷᠭ᠎ᠠ  ᠄

     ①ᠲᠠᠪᠤᠳᠤᠭᠠᠷ ᠰᠠᠷ᠎ᠠ ᠶᠢᠨ ᠡᠬᠢᠨ ᠲᠤᠮᠳᠠᠴᠢ ᠪᠠᠷ ᠨᠢᠯᠬ᠎ᠠ ᠬᠤᠷᠤᠬᠠᠢ ᠶᠢᠨ ᠬᠦᠨᠦᠬᠡᠯ ᠲᠡᠯᠭᠡᠷᠡᠬᠦ ᠴᠠᠭ ᠲᠤ

3% ᠶᠢᠨ ᠠᠭᠤᠰᠣᠮᠠᠯ ᠤᠨ ᠪᠧᠨ ᠶᠠᠩ ᠸᠧᠢ  ︵笨氧威︶ ᠶᠢ 2000 — 2500 ᠲᠠᠬᠢᠨ

ᠰᠢᠩᠭᠡᠯᠡᠵᠦ ᠰᠦᠷᠴᠢᠬᠦ᠃

     ② ᠡᠷᠪᠡᠭᠡᠢ ᠪᠤᠯᠤᠭᠰᠡᠨ ᠤ ᠲᠠᠷᠠᠭ᠎ᠠ ᠬᠠᠷ᠎ᠠ ᠦᠩᠭᠡ ᠶᠢᠨ ᠳ᠋ᠧᠩ ᠤᠨ ᠭᠡᠷᠡᠯ ᠢᠶᠠᠷ ᠦᠳᠦᠬᠡᠨ ᠪᠠᠷᠢᠵᠦ

ᠠᠯᠠᠨ᠎ᠠ᠃

       ᠰᠠᠷᠬᠡᠶᠢᠯᠡᠯᠬᠡ ᠶᠢᠨ ᠡᠮ ︵50% ᠶᠢᠨ ᠠᠭᠤᠰᠣᠮᠠᠯ ᠤᠨ ᠳ᠋ᠢᠩ ᠴᠦᠩ ᠮᠢ᠂ 3% ᠶᠢᠨ ᠠᠭᠤᠰᠣᠮᠠᠯ

 ᠤᠨ ᠪᠧᠨ ᠶᠠᠩ ᠸᠧᠢ︶ ᠬᠤᠳᠠᠯᠳᠣᠨ ᠠᠪᠬᠤ ᠬᠠᠷᠢᠯᠴᠠᠬᠤ ᠣᠳᠠᠰᠣ᠄

       ᠰᠢᠷᠬᠤᠰᠤᠨ     ᠪᠠᠯᠭᠠᠰᠤ᠄ 13500676020     13847723667

       ᠰᠦᠯᠳᠡ         ᠰᠤᠮᠤ  ᠄ 13847732200     15147768342

       ᠭᠠᠯᠠᠭᠤᠳᠤ      ᠪᠠᠯᠭᠠᠰᠤ᠄ 13789572763     13722190664

       ᠤᠯᠠᠭᠠᠠᠳᠤᠯᠤᠭᠠᠢ ᠪᠠᠯᠭᠠᠰᠤ᠄ 13847971449     15147768342  

       ᠳᠤᠭ          ᠪᠠᠯᠭᠠᠰᠣ᠄ 13847784885     13947772904

       ᠦᠤᠰᠢᠨᠵᠤᠤ    ᠪᠠᠯᠭᠠᠰᠤ᠄ 13948473098     13722190664  

                                       

                         

 
ᠢᠷᠡᠯᠲᠡ᠄ ᠦᠤᠰᠢᠨ ᠬᠤᠰᠢᠭᠤᠨ ᠤ ᠤᠢ ᠰᠢᠭᠤᠢ ᠶᠢᠨ ᠳᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号