ᠬᠤᠰᠢᠭᠤ ᠵᠢᠭᠠᠰᠤ ᠬᠦᠭᠢᠳᠡᠭᠦ ᠨᠡᠶᠢᠭᠡᠮᠯᠢᠭ ᠬᠤᠶᠠᠳᠠᠭᠢ ᠤᠳᠠᠭᠠᠨ ᠤ ︽ᠵᠢᠭᠠᠰᠤ ᠬᠦᠭᠢᠳᠡᠭᠦ ᠨᠡᠶᠢᠭᠡᠮᠯᠢᠭ︾ ᠬᠤᠨᠳᠠᠭᠠᠳᠤ ᠱᠠᠩᠨᠠᠯᠳᠤ ᠤᠷᠤᠯᠳᠤᠭᠠᠨ ᠬᠢᠵᠠᠢ
ᠨᠡᠶᠢᠲᠡᠯᠡᠭᠰᠡᠨ ᠴᠠᠭ᠄
2018-05-03
      ᠤᠶᠢᠷ᠎ᠠ ᠳᠤ ᠬᠤᠰᠢᠭᠤ ᠪᠡᠶ᠎ᠡ ᠲᠡᠮᠢᠷ ᠤᠨ ᠤᠶᠢᠯᠡᠰ ᠶᠢ ᠬᠦᠭᠵᠢᠭᠦᠯᠭᠦ ᠲᠦᠪ᠂ ᠬᠤᠰᠢᠭᠤ ᠵᠢᠭᠠᠰᠤ ᠬᠦᠭᠢᠳᠡᠭᠦ ᠨᠡᠶᠢᠭᠡᠮᠯᠢᠭ ᠠᠴᠠ ᠡᠷᠬᠢᠯᠡᠨ ᠶᠠᠪᠤᠭᠳᠠᠭᠤᠯᠭᠰᠠᠨ ᠬᠤᠶᠠᠳᠠᠭᠢ ᠤᠳᠠᠭᠠᠨ ᠤ ︽ᠵᠢᠭᠠᠰᠤ ᠬᠦᠭᠢᠳᠡᠭᠦ ᠨᠡᠶᠢᠭᠡᠮᠯᠢᠭ︾ ᠬᠤᠨᠳᠠᠭᠠᠳᠤ ᠱᠠᠩᠨᠠᠯᠳᠤ ᠤᠷᠤᠯᠳᠤᠭᠠᠨ ᠮᠠᠨ ᠤ ᠬᠤᠰᠢᠭᠤᠨ ᠳᠤ ᠠᠮᠵᠢᠯᠳᠠᠳᠠᠢ ᠶᠠᠪᠤᠭᠳᠠᠯ᠎ᠠ᠃ ᠲᠡᠮᠡᠭᠡᠳᠤ᠂ ᠤᠷᠳᠤᠰ᠂ ᠬᠠᠩᠭᠢᠨ᠂ ᠦᠤᠰᠢᠨ ᠵᠡᠷᠭᠡ ᠭᠠᠵᠠᠷ ᠠᠴᠠ ᠵᠢᠭᠠᠰᠤ ᠬᠦᠭᠢᠳᠡᠭᠦ ᠳᠤ ᠪᠠᠭ᠋ᠠᠳᠠᠢ 60 ᠤᠷᠤᠯᠴᠠᠭᠴᠢ ᠤᠷᠤᠯᠴᠠᠵᠤ᠂ ᠡᠯ᠎ᠡ ᠭᠠᠵᠠᠷ ᠤᠨ ᠵᠢᠭᠠᠰᠤ ᠬᠦᠭᠢᠳᠡᠭᠦ ᠪᠠᠭ᠋ᠠᠳᠠᠳ ᠲᠤ ᠵᠢᠭᠠᠰᠤ ᠬᠦᠭᠢᠳᠡᠭᠦ ᠠᠷᠭ᠎ᠠ ᠮᠠᠷᠭᠡᠵᠢᠯ ᠲᠤᠷᠰᠢᠯᠭ᠎ᠠ ᠪᠠᠨ ᠬᠠᠷᠢᠯᠴᠠᠨ ᠰᠤᠯᠢᠯᠴᠠᠬᠤ ᠳᠤ ᠨᠢ ᠰᠠᠶᠢᠬᠠᠨ ᠲᠠᠪᠴᠡᠩ ᠢ ᠬᠠᠩᠭᠠᠵᠤ ᠴᠢᠳᠠᠵᠠᠢ᠃      ᠡᠨᠡ ᠤᠳᠠᠭᠠᠨ ᠤ ᠤᠷᠤᠯᠳᠤᠭᠠᠨ ᠨᠢ ᠦᠳᠠ ᠶᠢᠨ ᠡᠮᠤᠨ᠎ᠠ ᠦᠳᠠ ᠶᠢᠨ ᠬᠤᠶᠢᠨ᠎ᠠ ᠲᠣᠰᠪᠤᠷᠢ 3 ᠴᠠᠭ᠂ ᠡᠮᠤᠨ᠎ᠠ ᠬᠤᠶᠢᠨ᠎ᠠ ᠬᠤᠶᠠᠷ ᠲᠠᠯᠠᠪᠤᠷ ᠬᠤᠪᠢᠶᠠᠨ ᠶᠠᠪᠤᠭᠳᠠᠵᠤ᠂ ᠬᠦᠭᠢᠳᠡᠭᠰᠡᠨ ᠵᠢᠭᠠᠰᠣᠨ ᠤ ᠬᠦᠨᠳᠦᠴᠡ ᠪᠠᠷ ᠨᠢ ᠡᠮᠤᠨ᠎ᠠ 10 ᠨᠠᠷ᠎ᠡ ᠶᠢ ᠱᠠᠩᠨᠠᠨ ᠬᠦᠭᠢᠭᠦᠯᠥᠭᠰᠡᠨ ᠤ ᠬᠠᠮᠳᠤ ᠤᠷᠤᠯᠳᠤᠭᠠᠨ ᠳᠤ ᠤᠷᠤᠯᠴᠠᠭᠴᠢᠳ ᠲᠤ ᠴᠦ ᠲᠤᠷᠠᠰᠬᠠᠯ ᠤᠨ ᠪᠤᠳᠠᠰ ᠭᠠᠷᠳᠠᠭᠤᠯᠤᠭᠰᠠᠨ ᠪᠠᠶᠢᠨ᠎ᠠ᠃      ᠤᠶᠢᠯᠠᠭᠠᠭᠰᠠᠨ ᠢᠶᠠᠷ ᠬᠤᠰᠢᠭᠤ ᠵᠢᠭᠠᠰᠤ ᠬᠦᠭᠢᠳᠡᠭᠦ ᠨᠡᠶᠢᠭᠡᠮᠯᠢᠭ ᠤᠨ ᠬᠢᠨ ᠡᠨᠡ ᠵᠢᠯ ᠭᠤᠷᠪᠠ ᠠᠴᠠ ᠲᠥᠷᠪᠡ ᠤᠳᠠᠭᠠᠨ ᠤ ᠡᠶᠢᠮᠤᠷᠭᠦᠤ ᠤᠷᠤᠯᠳᠤᠭᠠᠨ ᠢ ᠦᠷᠨᠢᠭᠦᠯᠵᠦ᠂ ᠦᠷᠭᠡᠨ ᠤᠯᠠᠨ ᠵᠢᠭᠠᠰᠤ ᠬᠦᠭᠢᠳᠡᠭᠦ ᠪᠠᠭ᠋ᠠᠲᠠᠳ ᠲᠤ ᠤᠷ᠎ᠠ ᠳᠠᠮ ᠢᠶᠠᠨ ᠰᠠᠶᠢᠵᠢᠷᠠᠭᠤᠯᠵᠤ ᠬᠠᠷᠢᠯᠴᠠᠨ ᠲᠤᠷᠰᠢᠯᠭ᠎ᠠ ᠪᠠᠨ ᠰᠤᠯᠢᠯᠴᠠᠬᠤ ᠳᠤ ᠲᠡᠪᠴᠠᠩ ᠬᠠᠩᠭᠠᠬᠤ ᠪᠠᠷ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠷᠠᠳᠢᠤ᠋ ᠲᠧᠯᠸᠢᠰ ᠦᠢᠯᠡᠴᠢᠯᠡᠭᠡᠨ ᠤ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号