2018 ᠣᠨ ᠤ ᠬᠠᠪᠤᠷ ᠤᠨ ᠤᠯᠠᠷᠢᠯ ᠤᠨ ᠠᠯᠪᠠᠨ ᠵᠢᠷᠤᠮ ᠤᠨ ᠣᠶᠢᠵᠢᠭᠤᠯᠭ᠎ᠠ ᠪᠠ ᠭᠤᠣᠯᠳᠠᠯᠭᠠᠲᠤ ᠣᠷᠣᠨ ᠤ ᠨᠣᠭᠤᠭᠠᠷᠠᠭᠤᠯᠤᠯᠲᠠ ᠶᠢᠨ ᠠᠵᠢᠯ ᠤᠨ ᠲᠥᠰᠤᠯ ᠢ ᠳᠠᠷᠤᠮᠠᠯᠯᠠᠨ ᠲᠠᠷᠬᠠᠭᠠᠬᠤ ᠳᠤᠬᠠᠢ ᠦᠣᠰᠢᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠮᠡᠳᠡᠭᠳᠡᠯ
ᠨᠡᠶᠢᠲᠡᠯᠡᠭᠰᠡᠨ ᠴᠠᠭ᠄
2018-05-03
ᠡᠯ᠎ᠡ ᠠᠵᠣ ᠠᠬᠤᠢ ᠶᠢᠨ ᠨᠡᠭᠡᠭᠡᠯᠲᠠ ᠶᠢᠨ ᠳᠣᠭᠤᠷᠢᠭ ︵ᠬᠦᠷᠢᠶᠠᠯᠠᠩ︶ ᠤᠨ ᠬᠠᠮᠢᠶᠠᠷᠣᠯᠳᠠ ᠶᠢᠨ ᠵᠦᠪᠯᠡᠯ᠂ ᠡᠯ᠎ᠡ ᠰᠣᠮᠣ ᠪᠠᠯᠭᠠᠰᠣᠨ ᠤ ᠠᠷᠠᠳ ᠤᠨ ᠵᠠᠰᠠᠭ ᠤᠨ ᠣᠷᠳᠣᠨ᠂ ᠬᠤᠰᠢᠭᠤ ᠰᠢᠭᠤᠳ ᠡᠯ᠎ᠡ ᠰᠠᠯᠠᠭ᠎ᠠ ᠮᠦᠴᠢᠷ᠄      ᠬᠤᠰᠢᠭᠤ ᠠᠷᠠᠳ ᠤᠨ ᠵᠠᠰᠠᠭ ᠤᠨ ᠣᠷᠳᠣᠨ ᠤ ᠵᠥᠪᠰᠢᠶᠡᠷᠡᠯ ᠢᠶᠠᠷ ᠡᠳᠥᠭᠡ ︽ᠦᠤᠰᠢᠨ ᠬᠤᠰᠢᠭᠤ ᠶᠢᠨ 2018 ᠣᠨ ᠤ ᠬᠠᠪᠤᠷ ᠤᠨ ᠤᠯᠠᠷᠢᠯ ᠤᠨ ᠠᠯᠪᠠᠨ ᠵᠢᠷᠤᠮ ᠤᠨ ᠣᠶᠢᠵᠢᠭᠤᠯᠭ᠎ᠠ ᠪᠠ ᠭᠤᠣᠯᠳᠠᠯᠭᠠᠲᠤ ᠣᠷᠣᠨ ᠤ ᠨᠣᠭᠤᠭᠠᠷᠠᠭᠤᠯᠤᠯᠲᠠ ᠶᠢᠨ ᠠᠵᠢᠯ ᠤᠨ ᠲᠥᠰᠤᠯ︾ ᠢ ᠲᠠᠨᠠᠷ ᠲᠤ ᠳᠠᠷᠤᠮᠠᠯᠯᠠᠨ ᠲᠠᠷᠬᠠᠭᠠᠪᠠ᠂ ᠨᠠᠷᠢᠨ ᠬᠢᠨᠠᠮᠠᠭᠠᠢ ᠵᠣᠬᠢᠶᠠᠨ ᠪᠠᠶᠢᠭᠤᠯᠵᠤ ᠬᠡᠷᠡᠭᠵᠢᠭᠦᠯᠦᠭᠡᠷᠡᠢ᠃            ᠦᠣᠰᠢᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ                                        2018 ᠣᠨ ᠤ 3 ᠰᠠᠷ᠎ᠠ ᠶᠢᠨ 12 ᠤᠨ ᠡᠳᠦᠷ                      ᠦᠤᠰᠢᠨ ᠬᠤᠰᠢᠭᠤ ᠶᠢᠨ 2018 ᠣᠨ ᠤ ᠬᠠᠪᠤᠷ ᠤᠨ ᠤᠯᠠᠷᠢᠯ ᠤᠨ ᠠᠯᠪᠠᠨ ᠵᠢᠷᠤᠮ ᠤᠨ        ᠣᠶᠢᠵᠢᠭᠤᠯᠭ᠎ᠠ ᠪᠠ ᠭᠤᠣᠯᠳᠠᠯᠭᠠᠲᠤ ᠣᠷᠣᠨ ᠤ ᠨᠣᠭᠤᠭᠠᠷᠠᠭᠤᠯᠤᠯᠲᠠ ᠶᠢᠨ ᠠᠵᠢᠯ ᠤᠨ ᠲᠥᠰᠤᠯ         ᠰᠢ ᠶᠢᠨ ᠫᠢᠩ ᠶᠡᠷᠦᠩᠬᠡᠢ ᠱᠦᠵᠢ ᠶᠢᠨ ︽ᠴᠡᠩᠬᠡᠭ ᠤᠰᠤ ᠭᠥᠬᠡᠮᠳᠦᠭ ᠠᠭᠤᠯᠠ ᠪᠣᠯ ᠳᠠᠷᠤᠢ ᠠᠯᠲᠠ ᠮᠥᠩᠭᠦᠨ ᠠᠭᠤᠯᠠ ᠮᠦᠨ︾ ᠭᠡᠬᠦ ᠣᠶᠢᠯᠠᠭᠠᠭᠳᠠᠬᠤᠨ ᠪᠠ ︽ᠲᠠᠪᠤ ᠶᠢ ᠨᠢᠭᠡ ᠴᠣᠭᠴᠠᠵᠢᠭᠤᠯᠬᠤ︾  ᠶᠡᠷᠥᠩᠬᠡᠢ ᠪᠠᠶᠢᠷᠢᠰᠢᠭᠤᠯᠤᠯᠲᠠ ᠶᠢ ᠭᠦᠨᠵᠡᠭᠡᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠪᠥᠬᠦ ᠠᠷᠠᠳ ᠤᠨ ᠠᠮᠢ ᠠᠬᠤᠢ ᠶᠢᠨ ᠪᠣᠯᠪᠠᠰᠤᠨ ᠤ ᠦᠵᠡᠯ ᠤᠬᠠᠮᠰᠠᠷ ᠪᠠ ᠨᠣᠭᠤᠭᠠᠷᠠᠭᠤᠯᠤᠯᠲᠠ ᠶᠢᠨ ᠤᠬᠠᠮᠰᠠᠷ ᠢ ᠦᠨᠡᠨ ᠬᠦ ᠳᠡᠭᠡᠭᠰᠢᠯᠡᠭᠦᠯᠵᠦ᠂ ᠤᠯᠤᠰ ᠤᠨ ᠨᠣᠲᠤᠭ ᠳᠡᠪᠢᠰᠭᠡᠷ ᠤᠨ ᠨᠣᠭᠤᠭᠠᠷᠠᠭᠤᠯᠤᠯᠲᠠ ᠶᠢᠨ ᠠᠬᠢᠴᠠ ᠶᠢ ᠤᠯᠠᠮ ᠨᠢᠭᠡ ᠠᠯᠬᠤᠮ ᠲᠥᠯᠬᠢᠨ ᠠᠬᠢᠭᠤᠯᠵᠤ᠂ 2018 ᠣᠨ ᠤ ᠪᠥᠬᠦ ᠬᠤᠰᠢᠭᠤᠨ ᠤ ᠬᠠᠪᠤᠷ ᠤᠨ ᠤᠯᠠᠷᠢᠯ ᠤᠨ ᠠᠯᠪᠠᠨ ᠵᠢᠷᠤᠮ ᠤᠨ ᠣᠶᠢᠵᠢᠭᠤᠯᠭ᠎ᠠ ᠶᠢᠨ ᠠᠵᠢᠯᠯᠠᠭ᠎ᠠ ᠶᠢ ᠰᠠᠶᠢᠲᠤᠷ ᠥᠷᠨᠢᠭᠦᠯᠵᠦ᠂ ᠮᠠᠨ ᠤ ᠬᠤᠰᠢᠭᠤᠨ ᠤ ᠪᠣᠳᠠᠳᠣ ᠪᠠᠶᠢᠳᠠᠯ ᠲᠠᠢ ᠣᠶᠠᠯᠳᠣᠭᠤᠯᠣᠨ ᠳᠣᠰ ᠲᠦᠰᠥᠯ ᠢ ᠳᠣᠭᠳᠠᠭᠠᠪᠠ᠃          ᠨᠢᠭᠡ᠂ ᠵᠢᠯᠣᠭᠤᠳᠬᠤ ᠦᠵᠡᠯ ᠰᠠᠨᠠᠭ᠎ᠠ        ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠣᠮᠳᠠᠳᠤ ᠤᠯᠤᠰ ᠤᠨ ᠣᠨᠴᠠᠯᠢᠭ ᠪᠥᠬᠦᠢ ᠨᠠᠶᠢᠬᠡᠮ ᠵᠢᠷᠤᠮ ᠤᠨ ᠦᠵᠡᠯ ᠰᠠᠨᠠᠭ᠎ᠠ ᠪᠠᠷ ᠵᠢᠯᠣᠭᠤᠳᠣᠯᠭ᠎ᠠ ᠪᠣᠯᠭᠠᠬᠤ ᠶᠢ ᠪᠠᠷᠢᠮᠲᠠᠯᠠᠵᠤ᠂ ᠠᠮᠢ ᠠᠬᠤᠢ ᠶᠢᠨ ᠪᠣᠯᠪᠠᠰᠤᠨ ᠤ ᠪᠠᠶᠢᠭᠤᠯᠤᠯᠲᠠ ᠶᠢᠨ ᠬᠠᠷᠠᠯᠲᠠ ᠶᠢᠨ ᠲᠣᠭᠤᠷᠢᠨ ᠳᠤ᠂ ᠬᠠᠪᠤᠷ ᠤᠨ ᠤᠯᠠᠷᠢᠯ ᠤᠨ ᠠᠯᠪᠠᠨ ᠵᠢᠷᠦᠮ ᠤᠨ ᠮᠤᠳᠤ ᠲᠠᠷᠢᠬᠤ ᠠᠵᠢᠯᠯᠠᠭ᠎ᠠ ᠪᠠ ᠬᠥᠳᠡᠭᠡ ᠳᠤᠰᠬᠤᠨ ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ ᠪᠣᠳᠣᠯᠭ᠎ᠠ ᠪᠣᠯᠤᠨ ᠬᠥᠳᠡᠭᠡ ᠳᠤᠰᠬᠤᠨ ᠤ ᠰᠤᠶᠤᠯ ᠤᠨ ᠵᠢᠭᠤᠯᠴᠢᠯᠠᠯ ᠢ ᠬᠠᠷᠢᠯᠴᠠᠨ ᠤᠶᠠᠯᠳᠤᠭᠤᠯᠵᠤ᠂ ᠥᠷᠭᠡᠨ ᠢᠶᠠᠷ ᠳᠠᠶᠢᠴᠢᠯᠠᠵᠤ᠂ ᠨᠠᠷᠢᠨ ᠨᠢᠮᠪᠠᠢ ᠵᠣᠬᠢᠶᠠᠨ ᠪᠠᠶᠢᠭᠤᠯᠵᠤ᠂ ᠨᠠᠷᠢᠨ ᠨᠢᠭᠲᠠ ᠪᠠᠶᠢᠷᠢᠯᠠᠭᠤᠯᠵᠤ᠂ ᠥᠨᠳᠦᠷ ᠪᠥᠳᠥᠮᠵᠢᠲᠠᠢ ᠨᠠᠶᠢᠲᠠᠪᠤᠷᠢᠵᠢᠭᠤᠯᠬᠤ ᠬᠡᠷᠡᠭᠲᠡᠢ᠃ ᠡᠯ᠎ᠠ ᠰᠤᠮᠤ ᠪᠠᠯᠭᠠᠰᠤ᠂ ᠭᠠᠴᠠᠭ᠎ᠠ ᠳᠤᠰᠬᠤᠨ ᠨᠢ ᠬᠠᠪᠤᠷ ᠤᠨ ᠤᠯᠠᠷᠢᠯ ᠤᠨ ᠠᠯᠪᠠᠨ ᠵᠢᠷᠤᠮ ᠤᠨ ᠮᠤᠳᠤ ᠲᠠᠷᠢᠬᠤ ᠠᠵᠢᠯᠯᠠᠭᠠᠨ ᠤ ᠭᠤᠣᠯ ᠬᠠᠷᠢᠭᠤᠴᠠᠯᠭᠠᠲᠠᠳ ᠪᠣᠯᠤᠭᠰᠠᠨ ᠤ ᠬᠤᠪᠢ ᠳᠤ ᠬᠠᠪᠤᠷ ᠤᠨ ᠤᠯᠠᠷᠢᠯ ᠤᠨ ᠠᠯᠪᠠᠨ ᠵᠢᠷᠤᠮ ᠤᠨ ᠮᠣᠳᠤ ᠲᠠᠷᠢᠬᠤ ᠠᠵᠢᠯᠯᠠᠭ᠎ᠠ ᠶᠢᠨ ᠬᠡᠯᠪᠡᠷᠢ ᠶᠢ ᠤᠯᠠᠮ ᠨᠢᠭᠡ ᠠᠯᠬᠤᠮ ᠪᠠᠶᠠᠯᠢᠭᠵᠢᠭᠤᠯᠵᠤ᠂ ᠠᠯᠪᠠᠨ ᠵᠢᠷᠤᠮ ᠤᠨ ᠮᠤᠳᠤ ᠲᠠᠷᠢᠵᠤ ᠣᠶᠢᠵᠢᠭᠤᠯᠬᠤ ᠨᠣᠭᠤᠭᠠᠷᠠᠭᠤᠯᠬᠤ ᠥᠷ᠎ᠡ ᠪᠥᠲᠥᠮᠵᠢ ᠶᠢ ᠳᠡᠭᠡᠭᠰᠢᠯᠡᠭᠦᠯᠵᠦ᠂ ᠪᠥᠬᠦ ᠬᠤᠰᠢᠭᠤᠨ ᠳᠤ ᠬᠠᠪᠤᠷ ᠤᠨ ᠤᠯᠠᠷᠢᠯ ᠤᠨ ᠠᠯᠪᠠᠨ ᠵᠢᠷᠤᠮ ᠤᠨ ᠮᠤᠳᠤ ᠲᠠᠷᠢᠬᠤ ᠠᠵᠢᠯᠯᠠᠭᠠᠨ ᠤ ᠰᠢᠨ᠎ᠡ ᠥᠷᠨᠢᠯᠲᠡ ᠶᠢ ᠪᠤᠢ ᠪᠤᠯᠭᠠᠵᠤ᠂ ᠡᠬᠡ ᠤᠯᠤᠰ ᠤᠨ ᠤᠮᠠᠷᠠᠲᠣ ᠬᠢᠯᠢ ᠶᠢᠨ ᠠᠮᠢ ᠠᠬᠤᠢ ᠶᠢᠨ ᠠᠮᠤᠷ ᠲᠥᠪᠰᠢᠨ ᠤ ᠬᠠᠯᠬᠠᠪᠴᠢ ᠳᠤ ᠢᠳᠡᠪᠬᠢᠲᠡᠢ ᠬᠤᠪᠢ ᠨᠡᠮᠡᠷᠢ ᠦᠵᠡᠭᠦᠯᠬᠦ ᠬᠡᠷᠡᠭᠲᠡᠢ᠃        ᠬᠤᠶᠠᠷ᠂ ᠵᠣᠬᠢᠶᠠᠨ ᠪᠠᠶᠢᠭᠤᠯᠬᠤ ᠬᠡᠯᠪᠡᠷᠢ        ᠬᠤᠰᠢᠭᠤ ᠠᠷᠠᠳ ᠤᠨ ᠵᠠᠰᠠᠭ ᠤᠨ ᠣᠷᠳᠣᠨ ᠠᠴᠠ ᠨᠢᠭᠡᠳᠣᠯᠲᠠᠢ ᠵᠣᠬᠢᠶᠠᠨ ᠪᠠᠶᠢᠭᠤᠯᠵᠤ᠂ ᠬᠤᠰᠢᠭᠤ ᠣᠢ ᠰᠢᠭᠤᠢ ᠶᠢᠨ ᠳᠣᠪᠴᠢᠶ᠎ᠠ ᠠᠴᠠ ᠪᠣᠳᠠᠲᠠᠢ ᠬᠠᠷᠢᠭᠤᠴᠠᠨ ᠲᠧᠭᠨᠢᠭ ᠮᠡᠷᠭᠡᠵᠢᠯ ᠤᠨ ᠲᠠᠯ᠎ᠠ ᠪᠠᠷ ᠵᠢᠯᠣᠭᠤᠳᠴᠤ᠂ ᠬᠠᠷᠢᠶ᠎ᠠ ᠭᠠᠵᠠᠷ ᠤᠨ ᠬᠠᠮᠢᠶᠠᠷᠤᠯᠲᠠ ᠪᠠ ᠭᠡᠰᠡᠭ ᠬᠤᠪᠢᠶᠠᠨ ᠬᠠᠷᠢᠭᠤᠴᠠᠬᠤ ᠵᠠᠷᠴᠢᠮ ᠤᠨ ᠶᠤᠰᠤᠭᠠᠷ ᠡᠯ᠎ᠡ ᠠᠵᠣ ᠠᠬᠤᠢ ᠶᠢᠨ ᠨᠡᠭᠡᠭᠡᠯᠲᠠ ᠶᠢᠨ ᠳᠣᠭᠤᠷᠢᠭ ︵ᠬᠦᠷᠢᠶᠠᠯᠠᠩ︶ ᠤᠨ ᠬᠠᠮᠢᠶᠠᠷᠣᠯᠳᠠ ᠶᠢᠨ ᠵᠦᠪᠯᠡᠯ᠂ ᠡᠯ᠎ᠡ ᠰᠣᠮᠣ ᠪᠠᠯᠭᠠᠰᠤ ᠪᠠ ᠡᠯ᠎ᠡ ᠰᠠᠯᠠᠭ᠎ᠠ ᠮᠦᠴᠢᠷ ᠬᠠᠪᠤᠷ ᠤᠨ ᠤᠯᠠᠷᠢᠯ ᠤᠨ ᠣᠶᠢᠵᠢᠭᠤᠯᠤᠯᠲᠠ ᠪᠠ ᠨᠣᠭᠤᠭᠠᠷᠠᠭᠤᠯᠤᠯᠲᠠ ᠶᠢᠨ ᠡᠭᠦᠷᠭᠡ ᠶᠢ ᠨᠠᠷᠢᠨ ᠬᠢᠨᠠᠮᠠᠭᠠᠢ ᠪᠡᠶᠡᠯᠡᠭᠦᠯᠦᠨ᠎ᠡ᠃         ᠭᠤᠷᠪᠠ᠂ ᠠᠵᠢᠯ ᠤᠨ ᠭᠤᠣᠯᠳᠠᠯᠭ᠎ᠠ         ᠠᠮᠢ ᠠᠬᠤᠢ ᠶᠢᠨ ᠪᠣᠯᠪᠠᠰᠤᠨ ᠤ ᠪᠠᠶᠢᠭᠤᠯᠤᠯᠲᠠ᠂ ᠬᠥᠳᠡᠭᠡ ᠳᠤᠰᠬᠤᠨ ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ ᠪᠣᠳᠣᠯᠭ᠎ᠠ᠂ ᠪᠥᠬᠦ ᠣᠷᠣᠨ ᠪᠥᠰᠡ ᠶᠢᠨ ᠵᠢᠭᠤᠯᠴᠢᠯᠠᠯ ᠤᠨ ᠬᠥᠭᠵᠢᠯᠲᠡ ᠵᠡᠷᠭᠡ ᠭᠤᠣᠯᠳᠠᠯᠭ᠎ᠠ ᠲᠠᠢ ᠠᠵᠢᠯ ᠲᠠᠢ ᠤᠶᠠᠯᠳᠤᠭᠤᠯᠵᠤ᠂ ᠭᠤᠣᠯᠳᠠᠯᠭᠠᠲᠤ ᠣᠷᠣᠨ ᠤ ᠨᠣᠭᠤᠭᠠᠷᠠᠭᠤᠯᠤᠯᠲᠠ ᠪᠠ ᠠᠯᠪᠠᠨ ᠵᠢᠷᠤᠮ ᠤᠨ ᠮᠤᠳᠤ ᠲᠠᠷᠢᠬᠤ ᠠᠵᠢᠯᠯᠠᠭᠠᠨ ᠢᠶᠠᠷ ᠳᠠᠮᠵᠢᠭᠤᠯᠤᠨ ᠬᠤᠲᠠ ᠪᠠᠯᠭᠠᠰᠤᠨ ᠤ ᠡᠷᠬᠢᠨ ᠲᠣᠭᠤᠷᠢᠨ᠂ ᠵᠠᠮ ᠬᠠᠷᠢᠯᠴᠠᠭᠠᠨ ᠤ ᠭᠤᠣᠯ ᠵᠠᠮ᠂ ᠠᠶᠢᠯ ᠳᠤᠰᠬᠤᠨ ᠤ ᠡᠮᠥᠨ᠎ᠡ ᠬᠤᠶᠢᠨ᠎ᠠ᠂ ᠮᠠᠯᠴᠢᠨ ᠲᠠᠷᠢᠶᠠᠴᠢᠨ ᠠᠶᠢᠯ ᠤᠨ ᠵᠣᠴᠢᠯᠠᠭ᠎ᠠ ᠵᠡᠷᠭᠡ ᠳᠤ ᠨᠣᠭᠤᠭᠠᠷᠠᠭᠤᠯᠤᠯᠲᠠ ᠪᠠ ᠭᠤᠶᠣᠵᠢᠭᠤᠯᠤᠯᠲᠠ ᠬᠢᠨ᠎ᠡ᠃ ᠨᠢᠭᠡ ᠳᠤ᠂ ᠴᠢᠬᠤᠯᠠ ᠵᠠᠮ ᠬᠠᠷᠢᠯᠴᠠᠭᠠᠨ ᠤ ᠭᠤᠣᠯ ᠱᠤᠭᠤᠮ᠂ ᠳᠤᠰᠬᠤᠨ ᠤᠷᠤᠭᠤ ᠨᠡᠪᠲᠡᠷᠡᠬᠦ ᠵᠠᠰᠠᠮᠠᠯ ᠵᠠᠮ ᠳᠠᠭᠠᠤ ᠶᠢᠨ ᠨᠣᠭᠤᠭᠠᠷᠠᠭᠤᠯᠬᠤ ᠠᠵᠢᠯ ᠢ ᠰᠠᠶᠢᠲᠤᠷ ᠠᠳᠬᠤᠵᠤ᠂ ᠦᠤᠰᠢᠨᠵᠤᠤ ᠠᠴᠠ ᠭᠠᠯᠠᠭᠤᠲᠤ ᠬᠦᠷᠬᠦ ᠵᠠᠮ ᠱᠤᠭᠤᠮ᠂ S215 ᠵᠠᠮ ᠱᠤᠭᠤᠮ᠂ ᠭᠠᠯᠠᠭᠤᠲᠤ ᠠᠴᠠ ᠳ᠋ᠠ ᠽᠣᠤ ᠸᠠᠨ ᠬᠦᠷᠬᠦ ᠵᠠᠮ ᠱᠤᠭᠤᠮ᠂ ᠠᠮᠠᠨᠴᠢᠷᠭ᠎ᠠ ᠠᠴᠠ ᠪᠠᠭ᠎ᠠ ᠬᠤᠭᠤᠯᠠᠶᠢᠲᠤ ᠬᠦᠷᠬᠦ ᠵᠠᠮ ᠱᠤᠭᠤᠮ ᠳᠤ ᠨᠥᠬᠦᠵᠦ ᠲᠠᠷᠢᠨ᠎ᠠ᠃ ᠪᠣᠰᠤᠳ ᠵᠠᠮ ᠤᠨ ᠳᠠᠭᠠᠤ ᠨᠣᠭᠤᠭᠠᠷᠠᠭᠤᠯᠤᠯᠲᠠ ᠶᠢᠨ ᠥᠭᠡᠷᠡᠴᠢᠯᠡᠯᠲᠡ ᠶᠢ ᠬᠡᠷᠡᠭᠵᠢᠭᠦᠯᠦᠨ ᠤᠯᠠᠮ ᠨᠢᠭᠡ ᠠᠯᠬᠤᠮ ᠨᠣᠭᠤᠭᠠᠷᠠᠭᠤᠯᠤᠯᠲᠠ ᠶᠢᠨ ᠥᠷ᠎ᠡ ᠪᠥᠲᠥᠮᠵᠢ ᠶᠢ ᠳᠡᠭᠡᠭᠰᠢᠯᠡᠭᠦᠯᠤᠨ᠎ᠡ᠃ ᠬᠤᠶᠠᠷ ᠲᠤ᠂ ᠬᠤᠲᠠ ᠶᠢᠨ ᠲᠣᠭᠤᠷᠢᠭ᠂ ᠪᠠᠯᠭᠠᠰᠤᠨ ᠲᠣᠭᠤᠷᠢᠭ ᠤᠨ ᠨᠣᠭᠤᠭᠠᠷᠠᠭᠤᠯᠤᠯᠲᠠ ᠶᠢ ᠠᠬᠢᠭᠤᠯᠵᠤ᠂ ᠡᠯ᠎ᠡ ᠰᠤᠮᠤ ᠪᠠᠯᠭᠠᠰᠤᠨ ᠤ ᠪᠠᠯᠭᠠᠰᠤᠨ ᠲᠣᠭᠤᠷᠢᠭ ᠢᠶᠠᠷ ᠭᠤᠣᠯ ᠪᠣᠯᠭᠠᠵᠤ᠂ ᠵᠠᠮ ᠤᠨ ᠬᠤᠶᠠᠷ ᠬᠠᠵᠠᠭᠤ ᠶᠢᠨ ᠲᠡᠩᠬᠡᠯᠢᠭ ᠱᠤᠭᠤᠮ ᠢᠶᠠᠷ ᠡᠷᠬᠢᠨ ᠲᠣᠭᠤᠷᠢᠨ ᠳᠤ ᠲᠡᠭᠰᠢ ᠤᠶᠢᠵᠢᠭᠤᠯᠵᠤ᠂ ᠬᠤᠲᠠ ᠪᠠᠯᠭᠠᠰᠤ ᠶᠢᠨ ᠡᠷᠬᠢᠨ ᠲᠣᠭᠤᠷᠢᠨ ᠤ ᠨᠣᠭᠤᠭᠠᠷᠠᠭᠤᠯᠤᠯᠲᠠ ᠶᠢ ᠭᠠᠴᠠᠭ᠎ᠠ ᠳᠤᠰᠬᠤᠨ ᠳᠤ ᠲᠡᠭᠰᠢ ᠥᠷᠭᠡᠳᠬᠡᠬᠦ ᠶᠢ ᠲᠥᠷᠬᠡᠳᠬᠡᠵᠦ᠂ ᠬᠥᠳᠡᠭᠡ ᠳᠤᠰᠬᠤᠨ ᠤ ᠨᠣᠭᠤᠭᠠᠷᠠᠭᠤᠯᠤᠯᠲᠠ ᠶᠢᠨ ᠨᠢᠭᠡ ᠴᠣᠭᠴᠠᠵᠢᠭᠤᠯᠤᠭᠰᠠᠨ ᠪᠠᠶᠢᠭᠤᠯᠤᠯᠲᠠ ᠶᠢ ᠲᠥᠯᠬᠢᠨ ᠠᠬᠢᠭᠤᠯᠤᠨ᠎ᠠ᠃ ᠭᠤᠷᠪᠠ ᠳᠤ᠂ ᠳᠤᠰᠬᠤᠨ ᠪᠣᠯᠭᠠᠨ ᠨᠣᠭᠤᠭᠠᠷᠠᠭᠤᠯᠤᠯᠲᠠ ᠨᠢ ᠴᠡᠭ᠂ ᠱᠤᠭᠤᠮ᠂ ᠲᠠᠯ᠎ᠠ ᠶᠢ ᠤᠶᠠᠯᠳᠤᠭᠤᠯᠤᠨ᠂ ᠭᠤᠣᠯ ᠠᠶᠢᠯ ᠳᠤᠰᠬᠤᠨ ᠤ ᠡᠷᠬᠢᠨ ᠲᠣᠭᠤᠷᠢᠨ ᠳᠠᠬᠢ ᠰᠤᠯᠠ ᠭᠠᠵᠠᠷ ᠢᠶᠠᠷ ︽ᠴᠡᠭ︾ ᠪᠣᠯᠭᠠᠵᠤ᠂ ᠨᠣᠭᠤᠭᠠᠷᠠᠭᠤᠯᠤᠯᠲᠠ ᠭᠤᠶᠣᠵᠢᠭᠤᠯᠤᠯᠲᠠ ᠪᠠ ᠠᠵᠤ ᠠᠬᠤᠢ ᠶᠢᠨ ᠠᠮᠢᠳᠤᠷᠠᠯ ᠤᠨ ᠬᠡᠷᠡᠭᠯᠡᠭᠡᠨ ᠤ ᠴᠢᠨᠠᠷ ᠢ ᠬᠠᠮᠲᠤ  ᠳᠤᠨᠢ ᠬᠠᠷᠠᠭᠠᠯᠵᠠᠵᠤ᠂ ᠵᠢᠵᠢᠭ ᠬᠡᠯᠪᠡᠷᠢ ᠶᠢᠨ ᠵᠢᠮᠢᠰ ᠨᠣᠭᠤᠭᠠᠨ ᠤ ᠬᠥᠷᠢᠶᠡᠯᠡᠩ ᠪᠠᠶᠢᠭᠤᠯᠤᠨ᠂ ᠬᠠᠰᠢᠶ᠎ᠠ ᠬᠤᠷᠢᠶᠠᠨ ᠤ ᠠᠵᠤ ᠠᠬᠤᠢ ᠶᠢ ᠬᠥᠭᠵᠢᠭᠦᠯᠵᠦ᠂ ᠨᠢᠭᠡ ᠪᠥᠯᠥᠭ ᠠᠮᠢ ᠠᠬᠤᠢ ᠶᠢᠨ ᠵᠢᠱᠢᠶ᠎ᠡ ᠦᠵᠡᠭᠦᠯᠬᠦ ᠡᠷᠤᠬᠡ ᠪᠠ ᠣᠨᠴᠠᠯᠢᠭ ᠲᠠᠢ ᠣᠶᠢᠲᠤ ᠠᠶᠢᠯ ᠤᠨ ᠵᠣᠴᠢᠯᠠᠭ᠎ᠠ᠂ ᠮᠠᠯᠴᠢᠨ ᠠᠶᠢᠯ ᠤᠨ ᠵᠣᠴᠢᠯᠠᠭ᠎ᠠ᠂ ᠲᠠᠷᠢᠶᠠᠴᠢᠨ ᠠᠶᠢᠯ ᠤᠨ ᠵᠣᠴᠢᠯᠠᠭ᠎ᠠ ᠶᠢ ᠪᠥᠳᠥᠭᠡᠨ ᠪᠠᠶᠢᠭᠤᠯᠵᠤ᠂ ᠣᠶᠢᠵᠢᠭᠤᠯᠭ᠎ᠠ ᠳᠤ ᠢᠳᠡᠪᠬᠢᠵᠢᠯ ᠰᠠᠶᠢᠨ ᠡᠷᠤᠬᠡ ᠳᠤ ᠲᠥᠷᠥᠯ ᠵᠦᠢᠯ ᠪᠤᠯᠤᠨ ᠪᠡᠯᠡ ᠮᠥᠩᠭᠦ ᠵᠡᠷᠭᠡ ᠲᠠᠯ᠎ᠠ ᠶᠢᠨ ᠳᠡᠮᠵᠢᠯᠭᠡ ᠦᠵᠡᠭᠦᠯᠦᠨ᠎ᠡ︔ ᠳᠤᠰᠬᠤᠨ ᠤᠷᠤᠭᠤ ᠨᠡᠪᠲᠡᠷᠡᠬᠦ ᠵᠠᠰᠠᠮᠠᠯ ᠵᠠᠮ ᠂ ᠭᠤᠣᠯ ᠮᠥᠷᠡᠨ ᠤ ᠬᠥᠪᠡᠭᠡ ᠳᠠᠭᠠᠤ ᠪᠠᠷ ︽ᠱᠤᠭᠤᠮ︾ ᠪᠣᠯᠭᠠᠵᠤ᠂ ᠲᠤᠷᠤᠭ ᠪᠣᠳᠠ ᠤᠷᠭᠤᠮᠠᠯ ᠢ ᠤᠶᠠᠯᠳᠤᠭᠤᠯᠤᠨ᠂ ᠰᠢᠯᠮᠤᠤᠰᠤᠳᠤ ᠥᠷᠭᠡᠨ ᠨᠠᠪᠴᠢᠲᠤ ᠶᠢᠨ ᠮᠤᠳᠤ ᠶᠢ ᠨᠠᠶᠢᠯᠡᠭᠦᠯᠦᠨ᠂ ᠬᠠᠯᠬᠠᠪᠴᠢ ᠦᠵᠡᠮᠵᠢ ᠶᠢᠨ ᠣᠢ ᠶᠢᠨ ᠪᠥᠰᠡ ᠶᠢ ᠪᠤᠢ ᠪᠣᠯᠭᠠᠨ᠎ᠠ︔ ᠠᠶᠢᠯ ᠳᠤᠰᠬᠤᠨ ᠤ ᠭᠠᠳᠠᠨ᠎ᠠ ᠨᠡᠯᠢᠶᠡᠳ ᠶᠡᠭᠡ ᠲᠠᠯᠠᠪᠠᠢ ᠶᠢᠨ ᠪᠠᠯᠠᠷ ᠮᠠᠩᠬ᠎ᠠ ᠪᠠᠷ ︽ᠲᠠᠯ᠎ᠠ︾ ᠪᠣᠯᠭᠠᠵᠤ᠂ ᠠᠮᠢ ᠠᠬᠤᠢ ᠶᠢᠨ ᠬᠠᠯᠬᠠᠪᠴᠢ ᠣᠢ ᠪᠠ ᠠᠵᠤ ᠠᠬᠤᠢ ᠶᠢᠨ ᠣᠢ ᠶᠢ ᠪᠤᠢ ᠪᠣᠯᠭᠠᠵᠤ᠂ ᠪᠣᠬᠢᠷᠳᠤᠯ ᠦᠭᠡᠢ ᠠᠮᠢ ᠠᠬᠤᠢ ᠶᠢᠨ ᠣᠷᠣᠨ ᠵᠠᠢ ᠶᠢ ᠥᠷᠬᠡᠳᠬᠡᠵᠦ᠂ ᠳᠤᠰᠬᠤᠨ ᠤ ᠳᠥᠷᠰᠤ ᠪᠠᠶᠢᠳᠠᠯ ᠢ ᠰᠠᠶᠢᠵᠢᠷᠠᠭᠤᠯᠵᠤ᠂ ᠦᠵᠡᠰᠭᠦᠯᠡᠩᠲᠤ ᠰᠠᠶᠢᠬᠠᠨ ᠬᠥᠳᠡᠭᠡ ᠳᠤᠰᠬᠤᠨ ᠢ ᠪᠥᠳᠥᠭᠡᠨ ᠪᠠᠶᠢᠭᠤᠯᠤᠨ᠎ᠠ᠃ ᠳᠥᠷᠪᠡ ᠳᠤ᠂ ᠤᠯᠤᠰ ᠤᠨ ᠥᠮᠴᠢᠯᠡᠯᠲᠣ ᠣᠢ ᠰᠢᠭᠤᠢ ᠶᠢᠨ ᠲᠠᠯᠠᠪᠠᠢ᠂ ᠡᠯᠡᠰᠦ ᠵᠠᠰᠠᠬᠤ ᠥᠷᠲᠡᠭᠡ ᠶᠢᠨ ᠴᠢᠨᠠᠷ ᠮᠠᠭᠤᠲᠠᠢ ᠣᠢ ᠶᠢ ᠥᠭᠡᠷᠡᠴᠢᠯᠡᠵᠦ᠂ ᠣᠢ ᠰᠢᠭᠤᠢ ᠶᠢᠨ ᠲᠠᠯᠠᠪᠠᠢ ᠡᠯᠡᠰᠦ ᠵᠠᠰᠠᠬᠤ ᠥᠷᠲᠡᠭᠡ ᠶᠢᠨ ᠳᠠᠴᠢᠷᠳᠠᠭᠰᠠᠨ ᠭᠠᠵᠠᠷ ᠰᠢᠷᠤᠢ ᠶᠢ ᠥᠭᠡᠷᠡᠴᠢᠯᠡᠨ ᠨᠣᠭᠤᠭᠠᠷᠠᠭᠤᠯᠤᠯᠲᠠ ᠬᠢᠬᠦ ᠠᠯᠬᠤᠴᠠ ᠪᠠᠨ ᠤᠯᠠᠮ ᠨᠢᠭᠡ ᠠᠯᠬᠤᠮ ᠲᠥᠷᠬᠡᠳᠬᠡᠵᠦ ᠂ ᠤᠯᠤᠰ ᠤᠨ ᠥᠮᠴᠢᠯᠡᠯᠲᠤ ᠣᠢ ᠰᠢᠭᠤᠢ ᠶᠢᠨ ᠲᠠᠯᠠᠪᠠᠢ ᠪᠠ ᠡᠯᠡᠰᠤ ᠵᠠᠰᠠᠬᠤ ᠥᠷᠲᠡᠭᠡ ᠶᠢᠨ ᠠᠮᠢ ᠠᠬᠤᠢ ᠶᠢᠨ ᠴᠢᠳᠠᠪᠤᠷᠢ ᠶᠢ ᠲᠣᠭᠲᠠᠭᠤᠨ ᠳᠡᠭᠡᠭᠰᠢᠯᠡᠭᠦᠯᠦᠨ᠎ᠡ᠃ ᠤᠯᠠᠭᠠᠨᠲᠣᠯᠤᠭᠠᠢ ᠶᠢᠨ ᠡᠯᠡᠰᠤ ᠶᠢ ᠵᠠᠰᠠᠬᠤ ᠥᠷᠲᠡᠭᠡ ᠣᠩᠭᠤᠨ ᠮᠠᠩᠬᠠᠨ ᠤ ᠠᠷᠤ ᠪᠠᠷ ᠭᠠᠷᠬᠤ ᠵᠠᠮ ᠤᠨ ᠠᠮᠠ ᠬᠢᠭᠡᠳ ᠣᠷᠣᠵᠤ ᠭᠠᠷᠬᠤ ᠵᠠᠮ ᠤᠨ ᠬᠠᠵᠠᠭᠤ ᠶᠢᠨ ᠨᠣᠭᠤᠭᠠᠷᠠᠭᠤᠯᠤᠯᠲᠠ ᠭᠤᠶᠣᠵᠢᠭᠤᠯᠤᠯᠲᠠ ᠶᠢ ᠭᠤᠣᠯᠳᠠᠯᠭ᠎ᠠ ᠲᠠᠢ ᠬᠢᠵᠦ᠂ ᠨᠠᠷᠢᠠᠭᠤᠣᠯ ᠤᠨ ᠣᠢ ᠰᠢᠭᠤᠢ ᠶᠢᠨ ᠲᠠᠯᠠᠪᠠᠢ ᠶᠢᠨ ᠮᠠᠭᠤᠵᠢᠷᠠᠨ ᠳᠣᠷᠣᠶᠢᠳᠠᠭᠰᠠᠨ ᠣᠢ ᠳᠤ ᠭᠤᠤᠯᠲᠠᠯᠭᠠᠲᠢ ᠥᠭᠡᠷᠡᠴᠢᠯᠡᠯᠲᠠ ᠬᠢᠵᠦ᠂ ᠦᠤᠰᠢᠨᠵᠤᠤ ᠶᠢᠨ ᠡᠯᠡᠰᠤ ᠶᠢ ᠵᠠᠰᠠᠬᠤ ᠥᠷᠲᠡᠭᠡ ᠶᠢᠨ ᠰᠢᠨ᠎ᠡ ᠠᠯᠪᠠᠯᠠᠬᠤ ᠭᠠᠵᠠᠷ ᠤᠨ ᠡᠷᠬᠢᠨ ᠲᠣᠭᠤᠷᠢᠨ ᠳᠤ ᠪᠥᠬᠦ ᠲᠠᠯ᠎ᠠ ᠶᠢᠨ ᠨᠣᠭᠤᠭᠠᠷᠠᠭᠤᠯᠤᠯᠲᠠ ᠶᠢ ᠬᠢᠨ᠎ᠡ᠃ ᠲᠠᠪᠦ ᠳᠤ᠂ ᠡᠯᠡᠰᠦ ᠮᠠᠩᠬᠠᠨ ᠤ ᠴᠡᠴᠡᠷᠯᠢᠭ᠂ ᠵᠢᠭᠤᠯᠴᠢᠯᠠᠯ ᠤᠨ ᠦᠵᠡᠮᠵᠢ ᠶᠢᠨ ᠣᠷᠣᠨ ᠤ ᠨᠣᠭᠤᠭᠠᠷᠠᠭᠤᠯᠤᠯᠲᠠ ᠭᠤᠶᠣᠵᠢᠭᠤᠯᠤᠯᠲᠠ ᠶᠢ ᠨᠡᠮᠡᠭᠳᠡᠭᠦᠯᠵᠦ᠂ ᠤᠯᠠᠭᠠᠨ ᠴᠢᠪᠠᠭ᠎ᠠ᠂ ᠵᠡᠷᠯᠢᠭ ᠲᠤᠭᠤᠷ᠂ ᠬᠡᠭᠡᠷ᠎ᠡ ᠶᠢᠨ ᠭᠦᠢᠯᠡᠰᠦ ᠵᠡᠷᠭᠡ ᠠᠵᠤ ᠠᠬᠤᠢ ᠶᠢᠨ ᠣᠢ ᠮᠤᠳᠤᠨ ᠤ ᠲᠥᠷᠥᠯ ᠪᠠ ᠦᠵᠡᠮᠵᠢ ᠶᠢᠨ ᠨᠣᠭᠤᠭᠠᠷᠠᠭᠤᠯᠤᠯᠲᠠ ᠶᠢᠨ ᠮᠤᠳᠤᠨ ᠲᠥᠷᠥᠯ ᠢᠶᠠᠷ ᠭᠤᠣᠯ ᠪᠣᠯᠭᠠᠨ ᠬᠠᠪᠣᠷ ᠴᠡᠴᠡᠭ ᠲᠠᠢ᠂  ᠵᠣᠨ ᠨᠣᠭᠤᠭᠠᠨ᠂ ᠨᠠᠮᠤᠷ ᠵᠢᠮᠢᠰ ᠲᠠᠢ ᠬᠠᠷᠠᠯᠲᠠ ᠶᠢ ᠪᠡᠶᠠᠯᠡᠭᠦᠯᠵᠤ᠂ ᠴᠡᠴᠡᠷᠯᠢᠭ ᠪᠠ ᠦᠵᠡᠮᠵᠢ ᠶᠢᠨ ᠣᠷᠣᠨ ᠤ ᠨᠣᠭᠤᠭᠠᠷᠠᠭᠤᠯᠤᠯᠲᠠ ᠭᠤᠶᠣᠵᠢᠭᠤᠯᠤᠯᠲᠠ ᠶᠢᠨ ᠥᠷ᠎ᠡ ᠪᠥᠲᠥᠮᠵᠢ ᠶᠢ ᠳᠡᠭᠡᠭᠰᠢᠯᠡᠭᠦᠯᠦᠠ᠂ ᠨᠢᠭᠡ ᠪᠥᠯᠥᠭ ᠠᠮᠢ ᠠᠬᠤᠢ ᠶᠢᠨ ᠵᠢᠭᠤᠯᠴᠢᠯᠠᠯ ᠤᠨ ᠵᠢᠱᠢᠶᠡᠴᠢ ᠡᠷᠤᠬᠡ ᠶᠢ ᠪᠠᠶᠢᠭᠤᠯᠬᠤ ᠶᠢᠨ ᠬᠠᠮᠲᠤ ᠤᠭ ᠤᠨ ᠵᠢᠱᠢᠶ᠎ᠡ ᠦᠵᠡᠭᠦᠯᠬᠦ ᠡᠷᠦᠬᠡ ᠶᠢ ᠪᠠᠬᠢᠵᠢᠭᠦᠯᠦᠨ ᠳᠡᠭᠡᠭᠰᠢᠯᠡᠭᠦᠯᠦᠨ᠎ᠡ᠂ ᠦᠤᠰᠢᠨᠵᠤᠤ ᠰᠥᠮ᠎ᠡ ᠶᠢᠨ ᠡᠷᠬᠢᠨ ᠲᠣᠭᠤᠷᠢᠨ ᠢ ᠭᠤᠣᠯᠳᠠᠯᠭ᠎ᠠ ᠲᠠᠢ ᠨᠣᠭᠤᠭᠠᠷᠠᠭᠤᠯᠵᠤ᠂ ᠡᠯᠡᠰᠦ ᠮᠠᠩᠬᠠᠨ ᠤ ᠵᠢᠭᠤᠯᠴᠢᠯᠠᠯ ᠪᠠ ᠬᠥᠳᠡᠭᠡ ᠳᠤᠰᠬᠤᠨ ᠤ ᠵᠢᠭᠤᠯᠴᠢᠯᠠᠯ ᠤᠨ ᠬᠥᠭᠵᠢᠯᠲᠡ ᠢ ᠲᠥᠯᠬᠢᠨ ᠠᠬᠢᠭᠤᠯᠤᠨ᠎ᠠ᠃ ᠵᠢᠷᠭᠤᠭ᠎ᠠ ᠳᠤ᠂ ᠡᠯ᠎ᠡ ᠭᠠᠵᠠᠷ ᠤᠨ ᠡᠯ᠎ᠡ ᠰᠠᠯᠠᠭ᠎ᠠ ᠮᠥᠴᠢᠷ ᠣᠶᠢᠵᠢᠭᠤᠯᠭ᠎ᠠ ᠶᠢᠨ ᠠᠵᠢᠯ ᠢ ᠨᠠᠷᠢᠨ ᠨᠢᠮᠪᠠᠢ ᠰᠠᠶᠢᠲᠤᠷ ᠵᠣᠬᠢᠶᠠᠨ ᠪᠠᠶᠢᠭᠤᠯᠵᠤ᠂ ᠤᠬᠠᠭᠤᠯᠭ᠎ᠠ ᠶᠢᠨ ᠬᠦᠴᠦᠨ ᠢ ᠨᠡᠮᠡᠭᠳᠡᠭᠦᠯᠦᠨ᠂ ᠠᠵᠢᠯᠯᠠᠭᠠᠨ ᠤ ᠠᠷᠭ᠎ᠠ ᠮᠠᠶ᠋ᠢᠭ ᠢᠶᠠᠨ ᠪᠠᠶᠠᠯᠢᠭᠵᠢᠭᠤᠯᠵᠤ᠂ ᠪᠥᠬᠦ ᠠᠷᠠᠳ ᠤᠨ ᠣᠶᠢᠵᠢᠭᠤᠯᠭ᠎ᠠ ᠬᠢᠬᠦ ᠬᠠᠯᠠᠭᠤᠨ ᠰᠡᠳᠬᠢᠯᠭᠡ ᠶᠢ ᠳᠡᠭᠡᠭᠰᠢᠯᠡᠭᠦᠯᠦᠨ᠎ᠡ᠃        ᠲᠦᠷᠪᠠ᠂ ᠡᠬᠦᠷᠬᠡ ᠶᠢᠨ ᠲᠣᠬᠢᠷᠠᠭᠤᠯᠤᠯᠲᠠ        ︵ᠨᠢᠭᠡ︶ ᠬᠤᠰᠢᠭᠤᠨ ᠤ ᠰᠢᠭᠤᠤᠨ ᠬᠠᠷᠢᠶ᠎ᠠ ᠠᠯᠪᠠᠨ ᠪᠠᠶᠢᠭᠤᠯᠭ᠎ᠠ ᠪᠤᠯᠤᠨ ᠠᠵᠤ ᠠᠬᠤᠶᠢᠯᠠᠯ ᠠᠵᠢᠯ ᠤᠶᠢᠯᠠᠰ ᠤᠨ ᠨᠢᠬᠡᠴᠢ᠃ ᠬᠤᠰᠢᠭᠤ ᠰᠢᠭᠤᠤᠨ ᠬᠠᠷᠢᠶ᠎ᠠ ᠠᠯᠪᠠᠨ ᠪᠠᠶᠢᠭᠤᠯᠭ᠎ᠠ᠂ ᠠᠵᠤ ᠠᠬᠤᠶᠢᠯᠠᠯ ᠠᠵᠢᠯ ᠤᠶᠢᠯᠠᠰ  ᠤᠨ ᠨᠢᠬᠡᠴᠢ ᠨᠢ ᠬᠠᠪᠰᠤᠷᠤᠨ ᠲᠠᠤᠨᠬᠦᠬᠦ ᠪᠠᠷ ᠬᠠᠷᠢᠯᠴᠠᠭᠰᠠᠨ ᠭᠠᠴᠠᠭ᠎ᠠ ᠲᠤᠰᠬᠤᠨ ᠳᠤ ᠬᠠᠪᠣᠷ ᠤᠨ ᠤᠯᠠᠷᠢᠯ ᠤᠨ ᠠᠯᠪᠠᠨ ᠵᠢᠷᠤᠮ ᠤᠨ ᠣᠶᠢᠵᠢᠭᠤᠯᠭ᠎ᠠ ᠬᠢᠨ᠎ᠡ᠃        ︵ᠬᠤᠶᠠᠷ︶ ᠡᠯ᠎ᠠ ᠰᠤᠮᠤ ᠪᠠᠯᠭᠠᠰᠤ᠃ ᠨᠢᠬᠡ ᠳᠤ ᠮᠤᠳᠤ ᠲᠠᠷᠢᠵᠤ ᠣᠶᠢᠵᠢᠭᠤᠯᠬᠤ ᠠᠵᠢᠯ ᠢ ᠨᠠᠷᠢᠨ ᠬᠢᠨᠠᠮᠠᠭᠠᠢ ᠶᠠᠪᠤᠭᠳᠠᠭᠤᠯᠤᠨ᠎ᠠ᠃ ᠡᠯ᠎ᠠ ᠰᠤᠮᠤ ᠪᠠᠯᠭᠠᠰᠤ ᠨᠢ ᠠᠯᠪᠠᠨ ᠵᠢᠷᠤᠮ ᠤᠨ ᠮᠤᠳᠤ ᠲᠠᠷᠢᠬᠤ ᠪᠠ ᠭᠤᠣᠯᠳᠠᠯᠭᠠᠲᠤ ᠣᠷᠣᠨ ᠤ ᠨᠤᠭᠤᠭᠠᠷᠠᠭᠤᠯᠤᠯᠳᠠ ᠶᠢ ᠤᠶᠠᠯᠳᠤᠭᠤᠯᠤᠨ 1000 ᠮᠤ᠋ ᠶᠢᠨ ᠮᠤᠳᠤ ᠲᠠᠷᠢᠵᠤ ᠣᠶᠢᠵᠢᠭᠤᠯᠬᠤ ᠡᠭᠦᠷᠭᠡ ᠪᠠᠨ ᠪᠡᠶᠡᠯᠡᠭᠦᠯᠵᠣ᠂ ᠰᠤᠮᠤ ᠪᠠᠯᠭᠠᠰᠤᠨ ᠤ ᠵᠠᠰᠠᠭ ᠤᠨ ᠤᠷᠳᠤᠨ ᠠᠴᠠ ᠡᠯ᠎ᠠ  ᠬᠠᠷᠢᠶᠠᠯᠠᠭᠲᠠᠬᠤ ᠱᠠᠳᠤᠨ ᠤ ᠪᠠᠶᠢᠭᠤᠯᠭ᠎ᠠ᠂ ᠭᠠᠴᠠᠭ᠎ᠠ ᠲᠤᠰᠬᠤᠨ᠂ ᠬᠠᠪᠰᠤᠷᠤᠨ ᠲᠠᠤᠨᠬᠦᠬᠦ ᠬᠠᠷᠢᠯᠴᠠᠬᠤ ᠪᠠᠶᠢᠭᠤᠯᠭ᠎ᠠ ᠶᠢ ᠨᠢᠬᠡᠳᠤᠯᠳᠠᠢ ᠵᠣᠬᠢᠶᠠᠨ ᠪᠠᠶᠢᠭᠤᠯᠵᠤ ᠰᠤᠮᠤᠨ ᠤ ᠬᠠᠷᠢᠶᠠᠲᠤ ᠣᠷᠣᠨ ᠤ ᠳᠣᠲᠣᠷ᠎ᠠ ᠣᠶᠢᠵᠢᠭᠤᠯᠭ᠎ᠠ ᠬᠢᠵᠦ᠂ ᠭᠠᠵᠠᠷ ᠲᠤ ᠨᠢ ᠲᠣᠬᠢᠷᠠᠭᠤᠯᠤᠨ ᠮᠤᠳᠤ ᠲᠠᠷᠢᠬᠤ ᠵᠠᠷᠴᠢᠮ ᠢ ᠦᠨᠳᠦᠰᠦᠯᠡᠨ ᠲᠠᠷᠢᠬᠤ ᠮᠤᠳᠤᠨ ᠤ ᠲᠥᠷᠥᠯ ᠢᠶᠠᠨ ᠥᠪᠡᠷᠳᠡᠭᠡᠨ ᠲᠣᠭᠲᠠᠭᠠᠨ᠎ᠠ︔ ᠬᠤᠶᠠᠷ ᠲᠤ ᠤᠷᠭᠤᠮᠠᠯ ᠤᠨ ᠬᠤᠴᠢᠯᠭ᠎ᠠ ᠶᠢᠨ ᠰᠡᠷᠭᠦᠯᠲᠡ ᠶᠢ ᠱᠠᠭᠠᠷᠳᠠᠬᠤ ᠪᠠᠨ ᠴᠢᠩᠭᠠᠳᠬᠠᠨ᠎ᠠ᠃ ᠡᠯ᠎ᠡ ᠰᠤᠮᠤ ᠪᠠᠯᠭᠠᠰᠤ ᠬᠠᠷᠢᠶᠠᠲᠤ ᠣᠷᠣᠨ ᠳᠠᠬᠢ ᠬᠠᠤᠯᠢ ᠪᠣᠰᠤ ᠪᠠᠷ ᠣᠢ ᠰᠢᠭᠤᠢ ᠶᠢᠨ ᠭᠠᠵᠠᠷ ᠢ ᠡᠵᠡᠯᠡᠭᠰᠡᠨ ᠢ ᠬᠤᠯᠪᠣᠭᠳᠠᠯ ᠪᠥᠬᠦᠢ ᠨᠢᠭᠡᠴᠢ ᠪᠣᠶᠣ ᠬᠤᠪᠢ ᠬᠦᠮᠤᠨ ᠢ ᠨᠢ ᠤᠷᠭᠤᠮᠠᠯ ᠤᠨ ᠬᠤᠴᠢᠯᠭ᠎ᠠ ᠶᠢ ᠰᠡᠷᠭᠦᠭᠡᠬᠦ ᠶᠢ ᠴᠢᠩᠭ᠎ᠠ ᠱᠠᠭᠠᠷᠳᠠᠵᠤ᠂ ᠣᠨᠴᠠᠭᠠᠶᠢᠯᠠᠨ ᠣᠢ ᠶᠢ ᠡᠪᠳᠡᠵᠦ ᠠᠲᠠᠷ ᠬᠠᠭᠠᠯᠪᠤᠷᠢᠯᠠᠭᠰᠠᠨ  ᠤ ᠳᠠᠷᠠᠭ᠎ᠠ ᠨᠢᠭᠡᠨᠲᠡ ᠤᠰᠤ ᠴᠠᠬᠢᠯᠭᠠᠨ ᠨᠡᠪᠲᠡᠷᠡᠭᠰᠡᠨ ᠭᠠᠵᠠᠷ ᠢ ᠤᠭ ᠲᠥᠷᠬᠦ ᠶᠢ ᠨᠢ ᠰᠡᠷᠭᠦᠭᠡᠬᠦ ᠶᠢ ᠱᠠᠭᠠᠷᠳᠠᠵᠤ᠂ ᠲᠤᠰ ᠠᠵᠢᠯ ᠢ 4 ᠰᠠᠷ᠎ᠠ ᠶᠢᠨ 30 ᠤ ᠡᠮᠦᠨ᠎ᠡ ᠵᠠᠪᠠᠯ ᠳᠠᠭᠤᠰᠬᠠᠬᠤ ᠬᠡᠷᠡᠭᠲᠡᠢ᠃        ︵ᠭᠤᠷᠪᠡ︶ ᠬᠦᠷᠢᠶᠡᠯᠡᠩ ᠲᠤᠭᠤᠷᠢᠭ᠃ ᠡᠯ᠎ᠠ ᠠᠵᠤ ᠠᠬᠤᠢ ᠶᠢᠨ ᠨᠠᠬᠡᠬᠡᠯᠳᠠ ᠶᠢᠨ ᠲᠣᠭᠤᠷᠢᠭ ︵ᠬᠦᠷᠢᠶᠡᠯᠡᠩ︶ ᠨᠢ ᠬᠠᠪᠤᠷ ᠤᠨ ᠤᠯᠠᠷᠢᠯ ᠤᠨ ᠠᠯᠪᠠᠨ ᠵᠢᠷᠤᠮ ᠤᠨ ᠣᠶᠢᠵᠢᠭᠤᠯᠭ᠎ᠠ ᠶᠢᠨ ᠠᠵᠢᠯᠯᠠᠭ᠎ᠠ ᠶᠢ ᠦᠪᠠᠷᠳᠠᠬᠡᠨ ᠲᠤᠬᠢᠷᠠᠭᠤᠯᠵᠤ᠂ ︽ᠭᠠᠵᠠᠷ ᠲᠤ ᠨᠢ ᠲᠤᠬᠢᠷᠠᠭᠤᠯᠤᠨ ᠮᠤᠳᠤ ᠲᠠᠷᠢᠬᠤ᠂ ᠤᠷᠭᠤᠯᠳᠠ ᠶᠢ ᠪᠠᠳᠤᠯᠠᠬᠤ︾ ᠵᠠᠷᠴᠢᠮ ᠢ ᠦᠨᠳᠤᠰᠤᠯᠠᠨ᠂ ᠤᠶᠢᠵᠢᠭᠤᠯᠬᠤ ᠲᠠᠯᠠᠪᠠᠢ ᠪᠤᠯᠤᠨ ᠮᠤᠳᠤᠨ ᠤ ᠲᠥᠷᠥᠯ ᠢᠶᠠᠨ ᠦᠪᠠᠷᠳᠠᠬᠡᠨ ᠲᠤᠭᠳᠠᠭᠠᠨ᠎ᠠ        ︵ᠲᠥᠷᠪᠡ︶ ᠭᠤᠤᠯᠳᠠᠯᠭᠠᠳᠤ ᠨᠠᠭᠤᠷ ᠤᠨ ᠣᠷᠣᠨ᠃ ᠡᠯ᠎ᠠ ᠨᠠᠭᠤᠷ ᠴᠦᠬᠦᠷᠤᠮ ᠤᠨ ᠣᠷᠣᠨ ᠤ ᠤᠶᠢᠷᠠᠯᠴᠠᠭ᠎ᠠ ᠬᠢ ᠠᠮᠢ ᠠᠬᠤᠢ ᠶᠢᠨ ᠤᠷᠴᠢᠨ ᠢ ᠶᠡᠷᠦᠩᠬᠡᠶᠢᠯᠡᠨ ᠵᠠᠰᠠᠬᠤ ᠶᠢ ᠴᠢᠩᠭᠠᠤᠨᠬᠠᠵᠤ ᠦᠤᠰᠢᠨᠵᠤᠤ ᠶᠢᠨ ᠬᠤᠵᠢᠷ ᠤᠨ ᠨᠠᠭᠤᠷ ᠤᠨ ᠲᠠᠯᠠᠩ ᠤᠨ ᠠᠮᠢ ᠠᠬᠤᠢ ᠶᠢᠨ ᠣᠷᠴᠢᠨ ᠲᠣᠭᠤᠷᠢᠨ ᠢ ᠭᠤᠤᠯᠳᠠᠯᠭᠠᠳᠠᠢ ᠵᠠᠰᠠᠵᠤ᠂ ᠡᠯᠠᠰᠤᠨ ᠬᠠᠰᠢᠯᠭ᠎ᠠ ᠭᠠᠷᠭᠠᠵᠤ᠂ ᠵᠣᠬᠢᠰᠲᠠᠢ ᠰᠤᠶᠤᠭ᠎ᠠ ᠮᠤᠳᠤ ︵ᠤᠯᠠᠭᠠᠨ ᠰᠤᠬᠠᠢ᠂ ᠲᠣᠷᠤᠭ ᠲᠡᠷᠪᠡᠯᠵᠢ︶ ᠲᠠᠷᠢᠬᠤ ᠵᠠᠷᠬᠡ ᠠᠷᠭ᠎ᠠ ᠠᠪᠴᠢᠯ ᠢ ᠬᠡᠷᠡᠭᠯᠡᠨ ᠥᠷ᠎ᠡ ᠪᠥᠲᠥᠮᠵᠢᠲᠠᠢ ᠪᠠᠷ ᠰᠠᠷᠬᠡᠶᠢᠯᠠᠨ ᠵᠠᠰᠠᠨ᠎ᠠ᠃        ᠲᠠᠪᠤ᠂ ᠠᠵᠢᠯ ᠤᠨ ᠳᠣᠬᠢᠷᠠᠭᠤᠯᠣᠯᠳᠠ       ︵ᠨᠢᠬᠡ︶  ᠠᠵᠢᠯᠯᠠᠭᠠᠨ ᠤ ᠴᠠᠭ᠃  3 ᠰᠠᠷ᠎ᠠ ᠶᠢᠨ 27 ᠤ ᠡᠳᠥᠷ — 4 ᠰᠠᠷ᠎ᠠ ᠶᠢᠨ 5 ᠤ ᠡᠳᠦᠷ ᠪᠣᠯᠳᠠᠯ᠎ᠠ ᠪᠣᠯ ᠤᠬᠠᠭᠤᠯᠬᠤ᠂ ᠳᠠᠶᠢᠴᠢᠯᠡᠬᠤ᠂ ᠡᠬᠦᠷᠬᠡ ᠬᠤᠪᠢᠶᠠᠷᠢᠯᠠᠬᠤ ᠱᠠᠳᠣ︔ 4 ᠰᠠᠷ᠎ᠠ ᠶᠢᠨ 6 ᠤ ᠡᠳᠦᠷ — 4 ᠰᠠᠷ᠎ᠠ ᠶᠢᠨ 17 ᠤ ᠡᠳᠦᠷ ᠪᠣᠯᠳᠠᠯ᠎ᠠ ᠪᠣᠯ ᠲᠥᠪᠯᠡᠷᠡᠬᠦᠯᠥᠨ ᠣᠶᠢᠵᠢᠭᠤᠯᠬᠤ ᠱᠠᠳᠣ︔ 4 ᠰᠠᠷ᠎ᠠ ᠶᠢᠨ 18 ᠤ ᠡᠳᠦᠷ — 5 ᠰᠠᠷ᠎ᠠ ᠶᠢᠨ 1 ᠤ ᠡᠳᠦᠷ ᠪᠣᠯᠳᠠᠯ᠎ᠠ ᠪᠣᠯ ᠠᠩᠬ᠎ᠠ ᠠᠯᠬᠤᠮ ᠤᠨ ᠰᠢᠯᠭᠠᠨ ᠬᠤᠷᠢᠶᠠᠬᠤ ᠱᠠᠳᠣ︔ 8 ᠰᠠᠷ᠎ᠠ ᠶᠢᠨ 15 ᠤ ᠡᠳᠦᠷ — 9 ᠰᠠᠷ᠎ᠠ ᠶᠢᠨ 1 ᠤ ᠡᠳᠦᠷ ᠪᠣᠯᠳᠠᠯ᠎ᠠ ᠪᠣᠯ ᠪᠦᠬᠦ ᠳᠠᠯ᠎ᠠ ᠪᠠᠷ ᠰᠢᠯᠭᠠᠨ ᠬᠤᠷᠢᠶᠠᠬᠤ ᠱᠠᠳᠣ ᠪᠣᠯᠤᠨ᠎ᠠ᠃       ︵ᠬᠤᠶᠠᠷ︶ ᠣᠷᠣᠯᠴᠠᠬᠤ ᠬᠦᠮᠦᠨ᠃ ᠪᠦᠬᠦ ᠬᠤᠰᠢᠭᠤᠨ ᠤ ᠨᠠᠮ ᠵᠠᠰᠠᠭ ᠤᠨ ᠠᠯᠪᠠᠨ ᠪᠠᠶᠢᠭᠤᠯᠭ᠎ᠠ᠂ ᠠᠵᠢᠯ ᠣᠶᠢᠯᠡᠰ ᠤᠨ ᠨᠢᠭᠡᠴᠢ᠂ ᠨᠡᠶᠢᠬᠡᠮ ᠤᠨ ᠪᠦᠯᠬᠦᠮ᠂ ᠦᠢᠯᠡᠳᠪᠦᠷᠢ ᠠᠭᠤᠷᠬᠠᠢ ᠶᠢᠨ ᠠᠵᠤ ᠠᠬᠤᠶᠢᠯᠠᠯ᠂ ᠰᠤᠷᠭᠠᠭᠤᠯᠢ ᠵᠢᠴᠢ ᠮᠠᠯᠴᠢᠨ ᠳᠠᠷᠢᠶᠠᠴᠢᠨ ᠪᠠ ᠵᠡᠭᠡᠯᠢ ᠭᠤᠳᠤᠮᠵᠢ ᠶᠢᠨ ᠰᠠᠭᠤᠭᠠᠯᠢ ᠠᠷᠠᠳ ᠵᠡᠷᠭᠡ ᠵᠣᠬᠢᠬᠤ ᠨᠠᠰᠤᠨ ᠤ ᠠᠷᠠᠳ ᠢᠷᠭᠡᠨ᠃        ᠵᠢᠷᠭᠤᠭ᠎ᠠ᠂ ᠮᠠᠷᠬᠡᠵᠢᠯ ᠤᠨ ᠱᠠᠭᠠᠷᠳᠠᠯᠭ᠎ᠠ  ︵ᠨᠢᠬᠡ︶ ᠮᠣᠳᠣᠨ ᠤ ᠲᠦᠷᠥᠯ ᠰᠣᠩᠭᠤᠬᠤ᠃ ᠭᠠᠵᠠᠷ ᠣᠷᠣᠨ ᠳᠤᠨᠢ ᠳᠣᠬᠢᠷᠠᠭᠤᠯᠣᠨ ᠮᠣᠳᠣ ᠳᠠᠷᠢᠬᠤ ᠵᠠᠷᠴᠢᠮ  ᠢ ᠪᠠᠷᠢᠮᠳᠠᠯᠠᠵᠣ᠂ ᠳᠣᠬᠠᠢ ᠶᠢᠨ ᠭᠠᠵᠠᠷ ᠤᠨ ᠨᠦᠬᠦᠴᠡᠯ ᠢ ᠦᠨᠳᠣᠰᠣᠯᠡᠨ ᠣᠷᠣᠨ ᠨᠣᠳᠤᠭ ᠤᠨ ᠮᠣᠳᠣᠨ ᠤ ᠲᠦᠷᠥᠯ  ᠢ ᠰᠣᠩᠭᠤᠵᠣ᠂ ᠳᠣᠷᠤᠭ ᠮᠣᠳᠣ ᠳᠠᠷᠢᠬᠤ ᠳᠤ ᠳᠣᠬᠢᠷᠠᠮᠵᠢᠳᠡᠢ ᠪᠣᠯ ᠳᠣᠷᠤᠭ ᠮᠣᠳᠣ ᠳᠠᠷᠢᠵᠣ᠂ ᠪᠣᠳᠠ ᠮᠣᠳᠣ ᠳᠠᠷᠢᠬᠤ ᠳᠣᠬᠢᠷᠠᠮᠵᠢᠳᠡᠢ ᠪᠣᠯ ᠪᠣᠳᠠ ᠮᠣᠳᠣ ᠳᠠᠷᠢᠵᠣ᠂ ᠣᠰᠣᠯᠠᠬᠤ ᠨᠦᠬᠦᠴᠡᠯ ᠲᠠᠢ ᠪᠣᠯ ᠳᠣᠷᠤᠭ ᠮᠣᠳᠣ ᠲᠠᠷᠢᠨ᠎ᠠ᠃ ᠵᠢᠱᠢᠶᠡᠯᠡᠪᠡᠯ᠄ ᠵᠡᠷᠯᠢᠭ ᠳᠣᠭᠤᠷ᠂ ᠬᠡᠬᠡᠷ᠎ᠡ ᠶᠢᠨ ᠬᠦᠢᠯᠡᠰᠣ᠂ ᠴᠢᠪᠠᠭ᠎ᠠ᠂ ᠬᠤᠯᠤᠰᠤᠨ ᠤᠳᠠ᠂ ᠪᠣᠷᠭᠠᠰᠤ᠂ ᠤᠯᠠᠭᠠᠨ ᠨᠢᠮᠪᠡ ᠵᠡᠷᠬᠡ ᠪᠠᠶᠢᠨ᠎ᠠ᠃ ︵ᠬᠤᠶᠡᠷ︶ ᠰᠣᠶᠤᠭ᠎ᠠ ᠮᠣᠳᠣᠨ ᠤ ᠬᠠᠩᠭᠠᠯᠳᠠ᠃ ᠡᠯ᠎ᠡ ᠰᠤᠮᠦ ᠪᠠᠯᠭᠠᠰᠤ ᠪᠠ ᠬᠠᠮᠢᠶ᠎ᠠ ᠪᠥᠬᠦᠢ ᠪᠠᠶᠢᠭᠤᠯᠭ᠎ᠠ ᠣᠶᠢᠵᠢᠭᠤᠯᠭ᠎ᠠ ᠬᠢᠬᠦ ᠰᠣᠶᠤᠭ᠎ᠠ ᠮᠣᠳᠣ ᠪᠠᠨ ᠦᠪᠡᠷᠳᠡᠬᠡᠨ ᠪᠡᠯᠡᠳᠬᠡᠨ᠎ᠡ︔ ᠡᠯ᠎ᠡ ᠰᠠᠯᠠᠭ᠎ᠠ ᠮᠥᠴᠢᠷ ᠰᠣᠶᠤᠭ᠎ᠠ ᠮᠣᠳᠣ ᠪᠠᠨ ᠣᠶᠢᠷ᠎ᠡ ᠬᠠᠪᠢ ᠶᠢᠨ ᠭᠠᠵᠠᠷ ᠠᠴᠠ ᠠᠪᠴᠢᠷᠠᠵᠣ᠂ ᠬᠤᠰᠢᠭᠤᠨ ᠭᠠᠳᠠᠨ᠎ᠠ ᠠᠴᠠ ᠰᠣᠶᠤᠭ᠎ᠠ ᠮᠣᠳᠣ ᠠᠪᠴᠢᠷᠠᠬᠤ ᠶᠢ ᠡᠷᠡᠰ ᠬᠤᠷᠢᠭᠯᠠᠵᠣ᠂ ᠶᠡᠭᠡ ᠮᠣᠳᠣ ᠶᠢ ᠰᠢᠯᠵᠢᠬᠦᠯᠥᠨ ᠵᠠᠶᠢᠯᠠᠬᠤ ᠶᠢ ᠡᠷᠡᠰ ᠬᠤᠷᠢᠭᠯᠠᠨ᠎ᠠ᠃ ᠰᠣᠶᠤᠭ᠎ᠠ ᠮᠣᠰᠣᠨ ᠤ ᠬᠢᠵᠢᠭ ᠢ ᠪᠠᠶᠢᠴᠠᠭᠠᠬᠤ ᠠᠵᠢᠯ ᠢᠶᠠᠨ ᠴᠢᠩᠭᠠᠳᠬᠠᠵᠣ᠂ ᠬᠢᠵᠢᠭ ᠲᠠᠢ ᠣᠷᠣᠨ ᠠᠴᠠ ᠰᠣᠶᠤᠭ᠎ᠠ ᠮᠣᠳᠣ ᠠᠪᠴᠢᠷᠠᠬᠤ ᠶᠢ ᠡᠷᠡᠰ ᠬᠤᠷᠢᠭᠯᠠᠨ᠎ᠠ᠃       ︵ᠭᠤᠷᠪᠠ︶ ᠰᠣᠶᠤᠭ᠎ᠠ ᠮᠣᠳᠣᠨ ᠤ ᠪᠠᠷᠢᠮᠵᠢᠶ᠎ᠠ᠃ ᠦᠷᠬᠡᠨ ᠨᠠᠪᠴᠢᠳᠣ ᠳᠣᠷᠤᠭ ᠮᠣᠳᠣᠨ ᠲᠦᠷᠥᠯ ᠨᠢ ᠡᠰᠢ ᠠᠰᠬᠠᠨ᠂ ᠦᠨᠳᠣᠰᠣ ᠨᠢ ᠪᠦᠷᠢᠨ ᠪᠦᠳᠣᠨ ᠪᠠᠶᠢᠬᠤ ᠬᠡᠷᠡᠭᠳᠡᠢ︔ ᠰᠢᠯᠮᠣᠰᠣᠳᠣ ᠮᠣᠳᠣᠨ ᠲᠦᠷᠥᠯ ᠤᠨ ᠣᠷᠣᠢ  ᠶᠢᠨ ᠨᠠᠬᠢᠶ᠎ᠠ ᠳᠡᠬᠦᠯᠳᠡᠷ ᠪᠠᠶᠢᠵᠣ᠂ ᠳᠠᠪᠬᠤᠷᠭ᠎ᠠ ᠶᠢᠨ ᠵᠠᠢ ᠨᠢ ᠳᠣᠬᠢᠷᠠᠮᠵᠢᠳᠡᠢ᠂ ᠮᠣᠳᠣᠨ ᠰᠠᠷᠠᠪᠴᠢ ᠪᠦᠷᠢᠨ ᠪᠦᠳᠣᠨ ᠂ ᠮᠠᠰᠢᠨ ᠠᠴᠠ ᠪᠣᠯᠣᠭᠰᠠᠨ ᠰᠢᠷᠬ᠎ᠠ ᠦᠬᠡᠢ᠂ ᠡᠪᠡᠳᠴᠢᠯᠡᠵᠣ ᠬᠤᠷᠣᠬᠠᠶᠢᠳᠣᠭᠰᠠᠨ ᠦᠬᠡᠢ᠂ ᠦᠨᠳᠣᠰᠣ ᠶᠢ ᠨᠢ ᠰᠢᠷᠦᠢ ᠲᠠᠢ ᠪᠠᠭᠯᠠᠭᠰᠠᠨ ᠰᠣᠶᠤᠭ᠎ᠠ ᠮᠣᠳᠣ ᠪᠠᠶᠢᠬᠤ ᠬᠡᠷᠡᠭᠳᠡᠢ᠂ ᠪᠠᠭᠯᠠᠭᠰᠠᠨ ᠰᠢᠷᠦᠢ ᠶᠢ ᠴᠦᠮ ᠵᠠᠳᠠᠯᠵᠣ ᠪᠣᠯᠬᠤ ᠮᠡᠲ᠋ᠧᠷᠢᠶᠠᠯ ᠢᠶᠠᠷ ᠪᠠᠭᠯᠠᠨ᠎ᠠ᠃       ︵ᠲᠦᠷᠪᠡ︶ ᠳᠠᠷᠢᠬᠤ ᠪᠠᠷᠢᠮᠵᠢᠶ᠎ᠠ᠃ ᠳᠣᠷᠤᠭ ᠮᠣᠳᠣ ᠶᠢᠨ ᠬᠤᠭᠤᠷᠣᠨᠳᠣᠬᠢ ᠵᠠᠢ ᠶᠢ 2×3 ᠮᠧᠲᠷ ᠪᠠᠶᠢᠯᠭᠠᠵᠣ᠂ ᠶᠡᠭᠡ ᠰᠣᠶᠤᠭ᠎ᠠ ᠮᠣᠳᠣ ᠶᠢ ᠰᠠᠭᠤᠯᠭᠠᠬᠤ ᠳᠤ ᠨᠦᠬᠡᠨ ᠤ ᠳ᠋ᠢᠶᠠᠮᠧᠲᠷ ᠨᠢ 0.6m — 1.0m᠂ ᠬᠦᠨᠴᠡ ᠨᠢ 0.6m — 0.8m᠂ ᠨᠦᠬᠡ ᠶᠢ ᠣᠬᠤᠭᠰᠠᠨ ᠰᠢᠷᠦᠢ ᠪᠠᠷ ᠨᠢ ᠪᠣᠯᠠᠨ᠎ᠠ︔ ᠪᠠᠭ᠎ᠠ ᠰᠣᠶᠤᠭ᠎ᠠ ᠮᠣᠳᠣ ᠰᠠᠭᠤᠯᠭᠠᠬᠤ ᠳᠤ ᠨᠦᠬᠡᠨ ᠳ᠋ᠢᠢᠶᠠᠮᠧᠲᠷ ᠨᠢ 0.3m — 0.4m᠂ ᠬᠦᠨᠴᠡ ᠨᠢ 0.4m᠂ ᠨᠦᠬᠡ ᠶᠢ ᠣᠬᠤᠭᠰᠠᠨ ᠰᠢᠷᠦᠢ ᠪᠠᠷ ᠨᠢ ᠪᠣᠯᠠᠨ᠎ᠠ︔ ᠳᠣᠷᠤᠭ ᠮᠣᠳᠣ ᠶᠢ ᠮᠣ᠋ ᠪᠦᠷᠢ ᠳᠤ 111 ᠨᠦᠬᠡ ︵2×3︶ ᠠᠴᠠ ᠳᠤᠲᠠᠭᠤ ᠪᠠᠶᠢᠯᠭᠠᠵᠤ ᠪᠣᠯᠬᠤ ᠦᠭᠡᠢ᠂ ᠪᠣᠳᠠ ᠮᠣᠳᠣ ᠶᠢ ᠮᠣ᠋ ᠪᠦᠷᠢ ᠳᠤ 111 ᠭᠠᠷᠦᠢ ᠨᠦᠬᠡ ︵1×6︶  ᠠᠴᠠ ᠳᠤᠲᠠᠭᠤ ᠪᠠᠶᠢᠯᠭᠠᠵᠤ ᠪᠣᠯᠬᠤ ᠦᠭᠡᠢ᠃ ᠪᠣᠳᠠ ᠮᠣᠳᠣ ᠳᠠᠷᠢᠬᠤ ᠭᠠᠵᠠᠷ ᠲᠤ ᠡᠷᠬᠡᠪᠰᠢ ᠡᠯᠡᠰᠣᠨ ᠬᠠᠰᠢᠯᠭ᠎ᠠ ᠪᠠᠷᠢᠵᠣ᠂ ᠴᠡᠴᠡᠷᠯᠢᠭᠵᠢᠬᠦᠯᠥᠯᠳᠡ ᠦᠵᠡᠮᠵᠢ ᠶᠢᠨ ᠣᠢ ᠶᠢᠨ ᠰᠣᠶᠤᠭ᠎ᠠ ᠮᠣᠳᠣ ᠳᠠᠷᠢᠬᠤ ᠵᠠᠢ ᠶᠢ ᠪᠣᠳᠠᠳᠣ ᠪᠠᠶᠢᠳᠠᠯ ᠢ ᠦᠨᠳᠣᠰᠣᠯᠡᠨ ᠳᠣᠭᠳᠠᠭᠠᠨ᠎ᠠ᠃        ᠲᠤᠯᠤᠭ᠎ᠠ᠂ ᠪᠠᠲᠤᠯᠠᠬᠤ ᠠᠷᠭ᠎ᠠ ᠪᠠᠷᠢᠯ        ︵ᠨᠢᠬᠡ︶ ᠵᠤᠬᠢᠶᠠᠨ ᠪᠠᠶᠢᠭᠤᠯᠤᠯᠲᠠ ᠶᠢᠨ ᠣᠳᠣᠷᠢᠳᠣᠯᠭ᠎ᠠ ᠪᠠᠨ ᠴᠢᠩᠭᠠᠳᠬᠠᠨ᠎ᠠ᠃ ᠬᠤᠰᠢᠭᠤ ᠠᠷᠠᠤᠨ  ᠤᠨ ᠵᠠᠰᠠᠭ ᠤᠨ ᠤᠷᠳᠤᠨ 2018 ᠤᠨ ᠳᠤ ᠪᠦᠬᠦ ᠬᠤᠰᠢᠭᠤᠨ ᠤ ᠭᠤᠣᠯᠳᠠᠯᠭᠠᠳᠣ ᠤᠷᠤᠨ ᠤ  ᠨᠣᠭᠤᠭᠠᠷᠠᠭᠤᠯᠣᠯᠳᠠ ᠵᠢᠴᠢ ᠬᠠᠪᠤᠷ ᠤᠨ ᠤᠯᠠᠷᠢᠯ ᠤᠨ ᠠᠯᠪᠠᠨ ᠵᠢᠷᠤᠮ ᠤᠨ ᠣᠶᠢᠵᠢᠭᠤᠯᠭ᠎ᠠ ᠶᠢᠨ ᠠᠵᠢᠯ ᠢ ᠤᠳᠤᠷᠢᠳᠬᠤ ᠪᠠᠭ᠎ᠠ ᠲᠤᠭᠤᠶᠢᠯᠠᠩ ᠢ ᠪᠠᠶᠢᠭᠤᠯᠤᠨ᠎ᠠ᠃ ᠬᠤᠰᠢᠭᠤ ᠠᠷᠠᠳ ᠤᠨ ᠵᠠᠰᠠᠭ ᠤᠨ ᠣᠷᠳᠣᠨ ᠤ ᠬᠤᠪᠢᠶᠠᠷᠢᠯᠠᠨ ᠬᠠᠷᠢᠭᠤᠴᠠᠬᠤ ᠤᠳᠣᠷᠢᠳᠣᠯᠭ᠎ᠠ ᠳᠣᠭᠤᠶᠢᠯᠠᠩ ᠤᠨ ᠳᠠᠷᠤᠭ᠎ᠠ ᠶᠢᠨ ᠳᠣᠰᠢᠶᠠᠯ ᠢ ᠡᠭᠦᠷᠭᠡᠯᠡᠵᠦ᠂ ᠡᠯ᠎ᠡ ᠨᠡᠬᠡᠬᠡᠯᠳᠡ ᠶᠢᠨ ᠳᠣᠭᠤᠷᠢᠭ ︵ᠬᠦᠷᠢᠶᠠᠯᠠᠩ︶ ᠤᠨ ᠬᠠᠮᠢᠶᠠᠷᠣᠯᠳᠠ ᠶᠢᠨ ᠵᠦᠪᠯᠡᠯ᠂ ᠡᠯ᠎ᠡ ᠰᠣᠮᠣ ᠪᠠᠯᠭᠠᠰᠣ᠂ ᠬᠤᠰᠢᠭᠤ ᠰᠢᠭᠤᠳ ᠬᠠᠷᠢᠶ᠎ᠠ ᠬᠤᠯᠪᠣᠭᠳᠠᠯ ᠪᠦᠬᠦᠢ ᠪᠠᠶᠢᠭᠤᠯᠭ᠎ᠠ ᠨᠢᠭᠡᠴᠢ ᠶᠢᠨ ᠭᠤᠣᠯ ᠬᠠᠷᠢᠭᠤᠴᠠᠯᠭᠠᠳᠠᠨ ᠢᠶᠠᠷ ᠪᠦᠷᠢᠯᠳᠦᠬᠦᠨ ᠪᠣᠯᠭᠠᠵᠣ᠂ ᠣᠶᠢᠵᠢᠭᠤᠯᠭ᠎ᠠ ᠶᠢᠨ ᠠᠵᠢᠯᠯᠠᠭᠠᠨ ᠢ ᠵᠣᠬᠢᠶᠠᠨ ᠪᠠᠶᠢᠭᠤᠯᠵᠣ ᠵᠣᠬᠢᠴᠠᠭᠤᠯᠬᠤ ᠶᠢ ᠪᠣᠳᠠᠳᠠᠢ ᠬᠠᠷᠢᠭᠤᠴᠠᠨ᠂ ᠣᠳᠣᠷᠢᠳᠬᠤ ᠪᠠᠭ᠎ᠠ ᠳᠣᠭᠤᠶᠢᠯᠠᠩ ᠤᠨ ᠠᠯᠪᠡᠨ ᠬᠡᠷ ᠢ ᠬᠤᠰᠢᠭᠤ ᠣᠢ ᠰᠢᠭᠤᠢ ᠶᠢᠨ ᠳᠣᠪᠴᠢᠶᠠᠨ  ᠳᠤ ᠲᠣᠬᠢᠷᠠᠭᠤᠯᠵᠤ᠂ ᠠᠯᠪᠡᠨ ᠬᠡᠷ ᠤᠨ ᠡᠷᠬᠢᠯᠡᠭᠴᠢ ᠶᠢ ᠣᠢ ᠰᠢᠭᠤᠢ ᠶᠢᠨ ᠳᠣᠪᠴᠢᠶᠠᠨ ᠤ ᠳᠣᠪᠴᠢᠶᠠᠨ ᠳᠠᠷᠤᠭ᠎ᠠ ᠹᠠᠨ ᠺᠦᠨ ᠳᠣᠰᠢᠶᠠᠯ ᠬᠠᠪᠰᠣᠷᠭᠠᠵᠣ᠂ ᠡᠯ᠎ᠡ ᠣᠶᠢᠵᠢᠭᠤᠯᠭ᠎ᠠ ᠶᠢᠨ ᠪᠠᠶᠢᠭᠤᠯᠭ᠎ᠠ ᠨᠢᠭᠡᠴᠢ ᠵᠢᠴᠢ ᠡᠯ᠎ᠡ ᠠᠵᠢᠯ ᠤᠨ ᠳᠤᠭᠤᠶᠢᠯᠠᠩ ᠢ ᠵᠣᠬᠢᠴᠠᠭᠤᠯᠬᠤ ᠶᠢ ᠪᠣᠳᠠᠳᠠᠢ ᠬᠠᠷᠢᠭᠤᠴᠠᠨ᠎ᠠ᠃       ᠣᠳᠣᠷᠢᠳᠬᠤ ᠪᠠᠭ᠎ᠠ ᠳᠣᠭᠤᠶᠢᠯᠠᠩ ᠤᠨ ᠳᠣᠣᠷ᠎ᠠ ᠲᠦᠷᠪᠡᠨ ᠠᠵᠢᠯᠯᠠᠬᠤ ᠳᠣᠭᠤᠶᠢᠯᠠᠩ ᠪᠠᠶᠢᠭᠤᠯᠵᠣ ᠮᠤᠳᠤ ᠲᠠᠷᠢᠬᠤ ᠣᠶᠢᠵᠢᠭᠤᠯᠭ᠎ᠠ ᠶᠢᠨ ᠪᠣᠳᠠᠳᠠᠢ ᠠᠵᠢᠯ ᠢ ᠬᠠᠷᠢᠭᠤᠴᠠᠨ᠎ᠠ᠄       ⒈ ᠮᠡᠷᠬᠡᠵᠢᠯ ᠤᠨ ᠣᠶᠢᠯᠡᠴᠢᠯᠡᠬᠡᠨ ᠤ ᠳᠣᠭᠤᠶᠢᠯᠠᠩ᠃ ᠬᠠᠷᠢᠭᠤᠴᠠᠬᠤ ᠪᠠᠶᠢᠭᠤᠯᠭ᠎ᠠ᠄ ᠬᠤᠰᠢᠭᠤ ᠣᠢ ᠰᠢᠭᠤᠢ ᠶᠢᠨ ᠳᠣᠪᠴᠢᠶ᠎ᠠ᠃ ᠭᠤᠣᠯ ᠬᠠᠷᠢᠭᠤᠴᠠᠯᠭ᠎ᠠ᠄ ᠰᠣᠶᠤᠭ᠎ᠠ ᠮᠣᠳᠣᠨ ᠤ ᠴᠢᠨᠡᠷ ᠴᠢᠨᠰᠠᠭ᠎ᠠ ᠶᠢ ᠠᠳᠬᠤᠵᠤ᠂ ᠮᠡᠷᠬᠡᠵᠢᠯ ᠤᠨ ᠵᠢᠯᠣᠭᠤᠳᠣᠯᠭ᠎ᠠ ᠬᠠᠩᠭᠠᠬᠤ᠂ ᠪᠠᠶᠢᠴᠠᠭᠠᠨ ᠦᠵᠡᠵᠣ ᠰᠢᠯᠭᠠᠨ ᠬᠤᠷᠢᠶᠠᠨ᠎ᠠ᠃       ⒉ ᠣᠬᠠᠭᠤᠯᠣᠨ ᠮᠡᠳᠡᠬᠡᠯᠡᠬᠦ ᠳᠣᠭᠤᠶᠢᠯᠠᠩ᠃ ᠬᠠᠷᠢᠭᠤᠴᠠᠬᠤ ᠪᠠᠶᠢᠭᠤᠯᠭ᠎ᠠ᠄ ᠬᠤᠰᠢᠭᠤ ᠨᠠᠮ ᠤᠨ ᠬᠤᠷᠢᠶᠠᠨ ᠤ ᠣᠬᠠᠭᠤᠯᠬᠤ ᠬᠡᠯᠳᠡᠰ᠂ ᠬᠤᠰᠢᠭᠤ ᠷᠠᠳᠢᠤ᠋ ᠲᠧᠯᠸᠢᠰ ᠣᠶᠢᠯᠡᠴᠢᠯᠡᠬᠡᠨ ᠤ ᠲᠦᠪ᠂ ᠦᠣᠰᠢᠨ ᠰᠣᠨᠢᠨ ᠬᠤᠷᠢᠶ᠎ᠠ᠃ ᠭᠤᠣᠯ ᠬᠠᠷᠢᠭᠤᠴᠠᠯᠭ᠎ᠠ᠄ ᠪᠦᠬᠦ ᠬᠤᠰᠢᠭᠤᠨ ᠤ ᠠᠯᠪᠡᠨ ᠵᠢᠷᠣᠮ ᠤᠨ ᠣᠶᠢᠵᠢᠭᠤᠯᠭ᠎ᠠ ᠶᠢᠨ ᠠᠵᠢᠯ ᠢ ᠣᠬᠠᠭᠤᠯᠣᠨ ᠮᠡᠳᠡᠭᠡᠯᠡᠨ᠎ᠡ᠃       ⒊ ᠵᠠᠮ ᠬᠠᠷᠢᠯᠴᠠᠭᠠᠨ ᠤ ᠠᠵᠢᠯ ᠢ ᠬᠠᠷᠢᠭᠤᠴᠠᠬᠤ ᠳᠣᠭᠤᠶᠢᠯᠠᠩ᠃ ᠬᠠᠷᠢᠭᠤᠴᠠᠬᠤ ᠪᠠᠶᠢᠭᠤᠯᠭ᠎ᠠ᠄ ᠬᠤᠰᠢᠭᠤ ᠳᠣᠳᠣᠭᠠᠳᠣ ᠶᠢ ᠬᠠᠮᠠᠭᠠᠯᠠᠬᠤ ᠳᠣᠪᠴᠢᠶ᠎ᠠ᠂ ᠵᠠᠮ ᠬᠠᠷᠢᠯᠴᠠᠭᠠᠨ ᠤ ᠬᠠᠮᠢᠶᠠᠷᠣᠯᠳᠠ ᠶᠢᠨ ᠶᠡᠭᠡ ᠠᠩᠬᠢ᠃ ᠭᠤᠣᠯ ᠬᠠᠷᠢᠭᠤᠴᠠᠯᠭ᠎ᠠ᠄ ᠣᠶᠢᠵᠢᠭᠤᠯᠬᠤ ᠵᠠᠮ ᠱᠤᠭᠤᠮ ᠳᠠᠭᠠᠤ ᠶᠢᠨ ᠵᠠᠮ ᠬᠠᠷᠢᠯᠴᠠᠭᠠᠨ ᠤ ᠠᠶᠣᠯᠬᠦᠢ ᠶᠢ ᠪᠠᠲᠤᠯᠠᠨ᠎ᠠ᠃       ⒋ ᠬᠢᠨᠡᠨ ᠪᠠᠶᠢᠴᠠᠭᠠᠬᠤ ᠳᠤᠭᠤᠶᠢᠯᠠᠩ᠃ ᠬᠠᠷᠢᠭᠤᠴᠠᠬᠤ ᠪᠠᠶᠢᠭᠤᠯᠭ᠎ᠠ᠄ ᠬᠤᠰᠢᠭᠤ ᠣᠢ ᠰᠢᠭᠤᠢ ᠶᠢᠨ ᠳᠣᠪᠴᠢᠶ᠎ᠠ᠂ ᠨᠠᠮ ᠤᠨ ᠬᠤᠷᠢᠶᠠᠨ ᠤ ᠱᠠᠭᠠᠷᠳᠠᠨ ᠪᠠᠶᠢᠴᠠᠭᠠᠬᠤ ᠳᠠᠰᠤᠭ᠂ ᠬᠤᠰᠢᠭᠤ ᠵᠠᠰᠠᠭ ᠤᠨ ᠣᠷᠳᠣᠨ ᠤ ᠱᠠᠭᠠᠷᠳᠠᠨ ᠪᠠᠶᠢᠴᠠᠭᠠᠬᠤ ᠳᠠᠰᠤᠭ  ᠃ ᠭᠤᠣᠯ ᠬᠠᠷᠢᠭᠤᠴᠠᠯᠭ᠎ᠠ᠄ ᠠᠯᠪᠡᠨ ᠵᠢᠷᠣᠮ ᠤᠨ ᠣᠶᠢᠵᠢᠭᠤᠯᠭ᠎ᠠ ᠶᠢᠨ ᠠᠵᠢᠯᠯᠠᠭᠠᠨ ᠢ ᠬᠢᠨᠡᠨ ᠪᠠᠶᠢᠴᠠᠭᠠᠨ᠎ᠠ᠃       ︵ᠬᠤᠶᠡᠷ︶ ᠲᠠᠷᠢᠵᠤ ᠵᠠᠶᠢᠯᠠᠬᠤ ᠴᠢᠨᠠᠷ ᠢ ᠪᠠᠲᠤᠯᠠᠨ᠎ᠠ᠃ ᠨᠤᠭᠤᠭᠠᠷᠠᠭᠤᠯᠤᠯᠳᠠ ᠣᠶᠢᠵᠢᠭᠤᠯᠭ᠎ᠠ ᠶᠢᠨ ᠬᠤᠭᠤᠴᠠᠭᠠᠨ ᠳᠤ ᠬᠤᠰᠢᠭᠤ ᠤᠢ ᠰᠢᠭᠤᠢ ᠶᠢᠨ ᠳᠣᠪᠴᠢᠶᠠᠨ ᠤ ᠮᠠᠷᠬᠡᠵᠢᠯ ᠤᠨ ᠦᠢᠯᠡᠴᠢᠯᠡᠭᠡᠨ ᠤ ᠲᠤᠭᠤᠶᠢᠯᠠᠩ  ᠤᠨ ᠲᠤᠰᠬᠠᠢ ᠮᠡᠷᠭᠡᠵᠢᠯᠲᠡᠨ ᠲᠤᠬᠠᠢ ᠶᠢᠨ ᠭᠠᠵᠠᠷ ᠲᠤ ᠵᠢᠭᠠᠨ ᠵᠢᠯᠤᠭᠤᠳᠤᠯᠭ᠎ᠠ ᠬᠢᠨ᠎ᠠ᠃ ᠲᠥᠪᠯᠡᠷᠡᠭᠦᠯᠦᠨ ᠣᠶᠢᠵᠢᠭᠤᠯᠬᠤ ᠶᠠᠪᠤᠴᠨ ᠳᠤ ︽ᠬᠡᠨ ᠳᠠᠷᠢᠪᠠᠯ ᠬᠡᠨ ᠣᠰᠣᠯᠠᠵᠣ᠂ ᠬᠡᠨ ᠠᠷᠠᠴᠢᠯᠠᠬᠤ︾ ᠵᠠᠷᠴᠢᠮ ᠢᠶᠠᠷ ᠡᠯ᠎ᠠ ᠣᠶᠢᠵᠢᠭᠤᠯᠭ᠎ᠠ ᠶᠢᠨ ᠪᠠᠶᠢᠭᠤᠯᠭ᠎ᠠ ᠮᠤᠳᠤ ᠲᠠᠷᠢᠵᠤ ᠪᠠᠷᠠᠭᠰᠠᠨ ᠤ ᠲᠠᠷᠠᠭ᠎ᠠ ᠡᠷᠬᠡᠪᠰᠢ ᠡᠯ᠎ᠠ ᠰᠣᠶᠤᠭ᠎ᠠ ᠮᠤᠳᠤ ᠪᠠᠨ ᠦᠷᠭᠦᠯᠵᠢ ᠤᠰᠤᠯᠠᠵᠤ᠂ ᠬᠤᠶᠠᠷ ᠤᠳᠠᠭ᠎ᠠ ᠰᠢᠯᠭᠠᠨ ᠬᠤᠷᠢᠶᠠᠯᠲᠠ ᠬᠢᠵᠦ᠂ ᠨᠤᠭᠤᠭᠠᠷᠠᠭᠤᠯᠤᠯᠳᠠ ᠣᠶᠢᠵᠢᠭᠤᠯᠭ᠎ᠠ  ᠶᠢᠨ ᠠᠵᠢᠯᠯᠠᠭ᠎ᠠ ᠳᠠᠭᠤᠰᠣᠭᠰᠠᠨ ᠤ ᠳᠠᠷᠠᠭ᠎ᠠ ᠡᠯ᠎ᠡ ᠪᠠᠶᠢᠭᠤᠯᠭ᠎ᠠ ᠠᠵᠢᠯ ᠤᠨ ᠴᠢᠨᠡᠷ ᠴᠢᠨᠰᠠᠭ᠎ᠠ ᠪᠠ ᠣᠶᠢᠵᠢᠭᠤᠯᠭ᠎ᠠ  ᠶᠢᠨ ᠳᠠᠯᠠᠪᠠᠢ ᠶᠢ ᠬᠢᠨᠡᠨ ᠪᠠᠶᠢᠴᠠᠭᠠᠵᠣ ᠰᠢᠯᠭᠠᠨ ᠬᠤᠷᠢᠶᠠᠭᠠᠳ ᠵᠢᠯ ᠤᠨ ᠡᠴᠣᠰ ᠰᠣᠶᠤᠭ᠎ᠠ ᠮᠣᠳᠣᠨ ᠤ ᠣᠷᠭᠤᠭᠰᠠᠨ ᠬᠡᠮᠵᠢᠶᠠᠨ ᠳᠤ ᠳᠠᠬᠢᠨ ᠰᠢᠯᠭᠠᠨ ᠬᠤᠷᠢᠶᠠᠯᠲᠠ ᠬᠢᠵᠣ᠂ ᠵᠠᠰᠠᠮᠠᠯ ᠵᠠᠮ ᠤᠨ ᠬᠤᠶᠠᠷ ᠳᠠᠯ᠎ᠠ ᠶᠢᠨ ᠣᠷᠭᠤᠭᠰᠠᠨ ᠨᠤᠷᠮ᠎ᠠ  ᠶᠢ 90% ᠬᠦᠷᠬᠡᠵᠣ᠂ ᠪᠣᠰᠣᠳ ᠣᠷᠣᠨ ᠤ ᠣᠷᠭᠤᠯᠳᠠ ᠶᠢᠨ ᠨᠤᠷᠮ᠎ᠠ ᠶᠢ 75% ᠬᠦᠷᠬᠡᠬᠦ ᠶᠢᠨ ᠬᠠᠮᠳᠣ ᠪᠦᠬᠦ ᠬᠤᠰᠢᠭᠤᠨ ᠤ ᠵᠢᠯ ᠤᠨ ᠪᠣᠳᠠᠳᠣ ᠪᠦᠳᠣᠮᠵᠢ ᠶᠢᠨ ᠰᠢᠯᠭᠠᠨ ᠬᠢᠨᠠᠯᠳᠠ ᠳᠤ ᠣᠷᠣᠭᠤᠯᠣᠨ᠎ᠠ᠃        ︵ᠭᠤᠷᠪᠠ︶ ᠣᠶᠢᠵᠢᠭᠤᠯᠭ᠎ᠠ ᠶᠢᠨ ᠲᠣᠭᠲᠠᠯᠴᠠᠭ᠎ᠠ ᠶᠢ ᠲᠠᠬᠦᠯᠳᠠᠷᠵᠢᠬᠦᠯᠤᠨ᠎ᠠ᠃ ︽ᠮᠦᠩᠬᠦ ᠵᠠᠷᠣᠨ ᠠᠮᠢᠳᠣ ᠮᠣᠳᠣ ᠬᠤᠳᠠᠯᠳᠣᠨ ᠠᠪᠬᠤ︾ ᠠᠷᠭ᠎ᠠ ᠶᠢ ᠦᠨᠳᠣᠰᠣᠯᠡᠨ ᠣᠷᠢᠳᠠᠪᠠᠷ ᠣᠶᠢᠵᠢᠭᠤᠯᠵᠣ ᠳᠠᠷᠠᠭ᠎ᠠ ᠨᠢ ᠨᠦᠬᠦᠪᠦᠷᠢᠯᠡᠬᠦ ᠶᠢ ᠶᠡᠬᠡᠪᠡᠷ ᠰᠠᠨᠠᠭᠠᠴᠢᠯᠡᠨ ᠣᠯᠣᠰ ᠤᠨ ᠣᠶᠢᠵᠢᠭᠤᠯᠭ᠎ᠠ ᠶᠢᠨ ᠲᠦᠷᠢᠮ ᠳᠣᠭᠳᠠᠭᠠᠯ ᠢ ᠦᠨᠳᠣᠰᠣᠯᠡᠨ ᠲᠦᠪᠯᠡᠷᠡᠬᠦᠯᠥᠨ ᠣᠶᠢᠵᠢᠭᠤᠯᠣᠭᠰᠠᠨ ᠳᠠᠯᠠᠪᠠᠢ ᠨᠢ 50 ᠮᠣ᠋ ᠠᠴᠠ ᠳᠡᠭᠡᠭᠰᠢ ᠭᠠᠵᠠᠷ ᠨᠢ ᠣᠯᠣᠰ ᠤᠨ ᠣᠢ ᠰᠢᠭᠤᠢ  ᠶᠢᠨ ᠲᠦᠷᠥᠯ ᠵᠣᠶᠢᠯ ᠤᠨ ᠲᠣᠭᠲᠠᠭᠠᠯ ᠪᠠ ᠱᠠᠭᠠᠷᠳᠠᠯᠭ᠎ᠠ ᠳᠤ ᠨᠡᠶᠢᠴᠡᠵᠦ᠂ ᠬᠤᠰᠢᠭᠤ ᠣᠢ ᠰᠢᠭᠤᠢ ᠶᠢᠨ ᠳᠣᠪᠴᠢᠶ᠎ᠠ ᠵᠡᠷᠭᠡ ᠬᠤᠯᠪᠣᠭᠳᠠᠯ ᠪᠥᠬᠦᠢ ᠰᠠᠯᠠᠭ᠎ᠠ ᠮᠥᠴᠢᠷ ᠰᠢᠯᠭᠠᠨ ᠬᠤᠷᠢᠶᠠᠭᠠᠳ ᠬᠢᠷᠢ ᠳᠠᠩᠴᠡᠭᠰᠡᠨ ᠤ ᠳᠠᠷᠠᠭ᠎ᠠ ᠬᠤᠰᠢᠭᠤ ᠣᠢ ᠰᠢᠭᠤᠢ ᠶᠢᠨ ᠳᠣᠪᠴᠢᠶ᠎ᠠ ᠠᠴᠠ ᠳᠠᠩᠰᠠᠯᠠᠨ ᠳᠡᠪᠳᠡᠷᠯᠡᠵᠣ᠂ ᠣᠯᠣᠰ ᠤᠨ ᠣᠢ ᠰᠢᠭᠤᠢ ᠠᠮᠢ ᠠᠬᠤᠢ ᠶᠢᠨ ᠲᠦᠷᠥᠯ ᠵᠣᠶᠢᠯ ᠳᠤ ᠠᠯᠬᠤᠮ ᠠᠯᠬᠤᠮ ᠣᠷᠣᠭᠤᠯᠵᠣ ᠪᠡᠯᠡ ᠮᠦᠩᠬᠦᠨ ᠳᠡᠮᠵᠢᠯᠬᠡ ᠣᠯᠭᠤᠨ᠎ᠠ᠃        ︵ᠲᠥᠷᠪᠡ︶ ᠨᠠᠶᠢᠳᠠᠪᠤᠷᠢᠵᠢᠭᠤᠯᠤᠯᠲᠠ ᠶᠢ ᠬᠢᠨᠠᠨ ᠪᠠᠶᠢᠴᠠᠭᠠᠬᠤ ᠪᠠᠨ ᠴᠢᠩᠭᠠᠳᠬᠠᠨ᠎ᠠ᠃ ᠠᠯᠪᠠᠨ ᠵᠢᠷᠤᠮ ᠤᠨ ᠣᠶᠢᠵᠢᠭᠤᠯᠭ᠎ᠠ ᠶᠢᠨ ᠬᠤᠭᠤᠴᠠᠭᠠᠨ ᠳᠤ ᠬᠤᠰᠢᠭᠤ ᠨᠠᠮ ᠤᠨ ᠬᠤᠷᠢᠶᠠᠨ ᠤ ᠱᠠᠭᠠᠷᠳᠠᠨ ᠪᠠᠶᠢᠴᠠᠭᠠᠬᠤ ᠳᠠᠰᠤᠭ᠂ ᠵᠠᠰᠠᠭ ᠤᠨ ᠣᠷᠳᠣᠨ ᠤ ᠱᠠᠭᠠᠷᠳᠠᠨ ᠪᠠᠶᠢᠴᠠᠭᠠᠬᠤ ᠳᠠᠰᠤᠭ᠂ ᠬᠤᠰᠢᠭᠤ ᠣᠢ ᠰᠢᠭᠤᠢ ᠶᠢᠨ ᠳᠣᠪᠴᠢᠶ᠎ᠠ᠂ ᠬᠤᠰᠢᠭᠤ ᠣᠶᠢᠵᠢᠭᠤᠯᠬᠤ ᠵᠦᠪᠯᠡᠯ ᠤᠨ ᠠᠯᠪᠡᠨ ᠬᠡᠷ ᠬᠠᠮᠳᠣᠷᠠᠨ ᠱᠠᠭᠠᠷᠳᠠᠨ ᠪᠠᠶᠢᠴᠠᠭᠠᠬᠤ ᠳᠣᠭᠤᠶᠢᠯᠠᠩ ᠪᠠᠶᠢᠭᠤᠯᠵᠣ᠂ ᠠᠯᠪᠠᠨ ᠵᠢᠷᠤᠮ ᠤᠨ ᠣᠶᠢᠵᠢᠭᠤᠯᠭ᠎ᠠ ᠶᠢᠨ ᠡᠬᠦᠷᠬᠡ ᠶᠢ ᠳᠣᠣᠱᠯᠠᠭᠤᠯᠣᠭᠰᠠᠨ ᠪᠠᠶᠢᠳᠠᠯ ᠢ ᠭᠤᠣᠯᠳᠠᠯᠭᠠᠳᠠᠢ ᠪᠠᠶᠢᠴᠠᠭᠠᠵᠣ᠂ ᠪᠠᠶᠢᠴᠠᠭᠠᠯᠳᠠ ᠶᠢᠨ ᠮᠡᠳᠡᠭᠡ ᠶᠢ ᠴᠠᠭ ᠳᠣᠬᠠᠢ ᠳᠤᠨᠢ ᠨᠠᠶᠢᠳᠠᠯᠠᠨ᠎ᠠ᠃ ᠰᠠᠶᠢᠳᠣᠷ ᠵᠣᠬᠢᠶᠠᠨ ᠪᠠᠶᠢᠭᠤᠯᠣᠭᠰᠠᠨ ᠦᠬᠡᠢ ᠬᠤᠳᠠᠯ ᠬᠠᠭᠤᠷᠮᠠᠭ ᠮᠡᠳᠡᠬᠦᠯᠦᠭᠰᠡᠨ᠂ ᠡᠬᠦᠷᠬᠡ ᠪᠠᠨ ᠴᠠᠭ ᠳᠣᠬᠠᠢ ᠳᠤᠨᠢ ᠪᠡᠶᠠᠯᠡᠬᠦᠯᠦᠭᠰᠡᠨ ᠦᠬᠡᠢ ᠪᠠᠶᠢᠭᠤᠯᠭ᠎ᠠ ᠶᠢ ᠨᠠᠶᠢᠳᠠᠯᠠᠨ ᠰᠢᠬᠦᠮᠵᠢᠯᠡᠬᠦ ᠶᠢᠨ ᠬᠠᠮᠳᠣ ᠲᠣᠭᠲᠠᠭᠰᠠᠨ ᠬᠤᠭᠤᠴᠠᠭ᠎ᠠ ᠳᠤ ᠵᠠᠯᠠᠷᠠᠭᠤᠯᠣᠨ ᠵᠠᠰᠠᠬᠤ ᠪᠠᠷ ᠱᠠᠭᠠᠷᠳᠠᠨ᠎ᠠ᠃        ︵ᠲᠠᠪᠤ︶ ᠤᠬᠠᠭᠤᠯᠭ᠎ᠠ ᠶᠢᠨ ᠡᠷᠴᠢᠮ ᠢᠶᠠᠨ ᠴᠢᠩᠭᠠᠳᠬᠠᠨ᠎ᠠ᠃ ᠨᠤᠭᠤᠭᠠᠷᠠᠭᠤᠯᠵᠤ ᠤᠶᠢᠵᠢᠭᠤᠯᠬᠤ ᠬᠤᠭᠤᠴᠠᠭᠠᠨ ᠳᠤ ᠬᠤᠰᠢᠭᠤᠨ ᠤ ᠡᠯ᠎ᠠ ᠰᠢᠭᠤᠳ ᠬᠠᠷᠢᠶ᠎ᠠ ᠰᠠᠯᠠᠭ᠎ᠠ ᠮᠦᠴᠢᠷ᠂ ᠡᠯ᠎ᠡ ᠰᠤᠮᠤ ᠪᠠᠯᠭᠠᠰᠤ ᠣᠯᠠᠨ ᠲᠦᠷᠥᠯ ᠤᠨ ᠠᠷᠭ᠎ᠠ ᠬᠡᠯᠪᠠᠷᠢ ᠪᠠᠷ ᠦᠷᠬᠡᠨ ᠢᠶᠠᠷ ᠣᠬᠠᠭᠤᠯᠣᠨ ᠮᠡᠳᠡᠬᠡᠯᠡᠵᠣ᠂ ᠪᠦᠬᠦ ᠠᠷᠠᠳ ᠤᠨ ᠣᠶᠢᠵᠢᠭᠤᠯᠵᠤ ᠨᠣᠭᠤᠭᠠᠷᠠᠭᠤᠯᠬᠤ ᠰᠠᠶᠢᠨ ᠰᠠᠶᠢᠬᠠᠨ ᠠᠭᠤᠷ ᠠᠮᠢᠰᠬᠤᠯ ᠢ ᠪᠣᠢ  ᠪᠣᠯᠭᠠᠵᠤ᠂ ᠠᠯᠪᠠᠨ ᠵᠢᠷᠤᠮ ᠤᠨ ᠮᠤᠳᠤ ᠳᠠᠷᠢᠬᠤ ᠬᠦᠳᠡᠯᠬᠡᠬᠡᠨ ᠢ ᠬᠦᠮᠦᠰ ᠤᠨ ᠰᠡᠳᠬᠢᠯ ᠳᠤ ᠬᠦᠨ ᠰᠠᠭᠤᠭᠳᠠᠭᠤᠯᠵᠤ᠂ ᠬᠦᠮᠤᠨ ᠪᠥᠬᠦᠨ ᠳᠤ ᠮᠡᠳᠡᠭᠦᠯᠦᠨ᠎ᠡ᠃          ︵ᠵᠢᠷᠭᠤᠭ᠎ᠠ︶ ᠳᠠᠩᠰᠠ ᠡᠪᠬᠡᠮᠡᠯ ᠤᠨ ᠬᠠᠮᠢᠶᠠᠷᠤᠯᠲᠠ ᠵᠢᠴᠢ ᠰᠤᠷᠠᠭ ᠵᠠᠩᠭᠢ ᠶᠢᠨ ᠮᠡᠳᠡᠭᠦᠯᠦᠯᠲᠡ ᠪᠠᠨ ᠴᠢᠩᠭᠠᠳᠬᠠᠨ᠎ᠠ᠃ ᠡᠯ᠎ᠡ ᠠᠵᠤ ᠠᠬᠤᠢ ᠶᠢᠨ ᠨᠡᠬᠡᠬᠡᠯᠳᠡ ᠶᠢᠨ ᠳᠣᠭᠤᠷᠢᠭ ︵ᠬᠦᠷᠢᠶᠠᠯᠠᠩ︶ ᠤᠨ ᠬᠠᠮᠢᠶᠠᠷᠣᠯᠳᠠ ᠶᠢᠨ ᠵᠦᠪᠯᠡᠯ᠂ ᠡᠯ᠎ᠡ ᠰᠣᠮᠣ ᠪᠠᠯᠭᠠᠰᠤ ᠨᠢ ᠠᠯᠪᠠᠨ ᠵᠢᠷᠤᠮ ᠤᠨ ᠣᠶᠢᠵᠢᠭᠤᠯᠭ᠎ᠠ ᠶᠢᠨ ᠰᠠᠭᠤᠷᠢᠨ ᠭᠠᠵᠠᠷ ᠢᠶᠠᠨ ᠰᠣᠩᠭᠤᠨ ᠳᠣᠭᠳᠠᠭᠠᠭᠰᠠᠨ ᠤ ᠳᠠᠷᠠᠭ᠎ᠠ 4 ᠰᠠᠷ᠎ᠠ ᠶᠢᠨ 5 ᠤ ᠡᠳᠦᠷ ᠠᠴᠠ ᠡᠮᠣᠨ᠎ᠠ ᠬᠤᠰᠢᠭᠤ ᠨᠣᠭᠤᠭᠠᠷᠠᠭᠤᠯᠤᠯᠲᠠ ᠶᠢᠨ ᠵᠦᠪᠯᠡᠯ ᠤᠨ ᠠᠯᠪᠡᠨ ᠬᠡᠷ ᠲᠤ ᠮᠡᠳᠡᠬᠦᠯᠵᠣ᠂ ᠪᠣᠢ ᠪᠦᠬᠦᠢ ᠳᠠᠩᠰᠠ ᠡᠪᠬᠡᠮᠡᠯ ᠤᠨ ᠮᠡᠲ᠋ᠧᠷᠢᠶᠠᠯ᠂ ᠠᠵᠢᠯᠯᠠᠬᠤ ᠵᠢᠷᠤᠭ ᠲᠥᠯᠥᠪᠯᠡᠭᠡ ᠶᠢ ᠬᠤᠰᠢᠭᠤ ᠣᠶᠢᠵᠢᠭᠤᠯᠭ᠎ᠠ ᠶᠢᠨ ᠵᠦᠪᠯᠡᠯ ᠤᠨ ᠠᠯᠪᠡᠨ ᠬᠡᠷ ᠳᠠᠩᠰᠠᠯᠠᠨ ᠳᠡᠪᠳᠡᠷᠯᠡᠨ᠎ᠠ᠃ ᠠᠵᠢᠯᠯᠠᠭᠠᠨ ᠤ ᠬᠤᠭᠤᠴᠠᠭᠠᠨ ᠳᠤ ᠡᠯ᠎ᠡ ᠰᠤᠮᠦ ᠪᠠᠯᠭᠠᠰᠤ ᠡᠳᠦᠷ ᠪᠦᠷᠢ ᠶᠢᠨ ᠦᠳᠡ ᠶᠢᠨ ᠬᠤᠶᠢᠨᠡᠬᠢ 4 ᠴᠠᠭ  ᠠᠴᠠ ᠡᠮᠣᠨ᠎ᠠ ᠮᠤᠳᠤ ᠲᠠᠷᠢᠵᠤ ᠣᠶᠢᠵᠢᠭᠤᠯᠤᠭᠰᠠᠨ ᠮᠡᠳᠡᠭᠡ ᠪᠠᠨ ᠬᠤᠰᠢᠭᠤ ᠣᠶᠢᠵᠢᠭᠤᠯᠭ᠎ᠠ ᠶᠢᠨ ᠠᠵᠢᠯ ᠤᠨ ᠵᠦᠪᠯᠡᠯ ᠤᠨ ᠠᠯᠪᠡᠨ ᠬᠡᠷ ᠲᠤ ᠮᠡᠳᠡᠭᠦᠯᠵᠦ᠂ ᠮᠡᠳᠡᠭᠡ ᠶᠢᠨ ᠠᠭᠤᠯᠭ᠎ᠠ ᠪᠠᠨ ᠵᠢᠷᠤᠭ ᠰᠠᠬᠦᠳᠡᠷ ᠳᠤᠭ᠎ᠠ ᠪᠠᠷᠢᠮᠳᠠ ᠪᠠᠷ ᠭᠤᠣᠯ ᠪᠣᠯᠭᠠᠵᠤ᠂ ᠠᠯᠪᠠᠨ ᠵᠢᠷᠤᠮ ᠤᠨ ᠣᠶᠢᠵᠢᠭᠤᠯᠭ᠎ᠠ ᠶᠢᠨ ᠠᠵᠢᠯ ᠤᠨ ᠶᠡᠷᠦᠩᠬᠡᠢ ᠠᠬᠢᠴᠠ ᠪᠠ ᠭᠢᠯᠠᠰ ᠴᠡᠭ ᠤᠨ ᠠᠵᠢᠯ ᠢ ᠥᠷᠨᠢᠭᠦᠯᠦᠭᠰᠡᠨ ᠪᠠᠶᠢᠳᠠᠯ ᠢ ᠪᠥᠬᠦ ᠲᠠᠯ᠎ᠠ ᠪᠠᠷ ᠳᠤᠰᠬᠠᠨ᠎ᠠ᠃ ᠳᠡᠭᠡᠷᠡᠬᠢ ᠬᠤᠶᠠᠷ ᠠᠵᠢᠯ ᠤᠨ ᠬᠠᠷᠢᠯᠴᠠᠬᠤ ᠣᠳᠠᠰᠣ᠄ 0477 — 7582469᠂18747729025᠃ ᠢᠮᠧᠯ 1048846392@qq.com        ︵ᠳᠣᠯᠤᠭ᠎ᠠ︶ ᠴᠢᠬᠡᠴᠢ ᠵᠠᠰᠠᠭ ᠤᠨ ᠲᠤᠭᠳᠠᠭᠠᠯ ᠢ ᠴᠢᠩᠭ᠎ᠠ ᠰᠠᠬᠢᠨ᠎ᠠ᠂ ᠡᠯ᠎ᠠ ᠪᠠᠶᠢᠭᠤᠯᠭ᠎ᠠ ᠶᠢᠨ ᠤᠳᠤᠷᠢᠤᠨᠬᠤ ᠺᠠᠳ᠋ᠷ ᠥᠪᠡᠷ ᠤᠨ ᠪᠠᠶ᠎ᠠ ᠪᠠᠷ ᠢᠶᠠᠨ ᠬᠡᠪ ᠳᠠᠭᠤᠷᠢᠶᠠᠯ ᠪᠣᠯᠭᠠᠵᠤ᠂ ᠦᠯᠢᠬᠡᠷ ᠲᠠᠭᠤᠷᠢᠶᠠᠯ ᠪᠤᠯᠬᠤ ᠤᠶᠢᠯᠠᠳᠤᠯ ᠢᠶᠠᠨ ᠪᠠᠳᠠᠷᠠᠭᠤᠯᠵᠤ᠂ ᠦᠷᠬᠡᠨ ᠤᠯᠠᠨ ᠢᠶᠠᠨ ᠺᠠᠳ᠋ᠷ ᠠᠵᠢᠯᠳᠠᠨ ᠢ ᠣᠶᠢᠵᠢᠭᠤᠯᠭ᠎ᠠ ᠨᠤᠭᠤᠭᠠᠷᠠᠭᠤᠯᠬᠤ ᠠᠵᠢᠯ ᠳᠤ ᠤᠷᠤᠯᠴᠠᠭᠤᠯᠤᠨ᠎ᠠ᠃ ᠡᠯ᠎ᠠ ᠨᠢᠭᠡᠴᠢ ᠠᠯᠪᠠᠨ ᠵᠢᠷᠤᠮ ᠤᠨ ᠣᠶᠢᠵᠢᠭᠤᠯᠭ᠎ᠠ ᠶᠢᠨ ᠠᠵᠢᠯ ᠢᠶᠠᠷ ᠰᠢᠯᠲᠠᠭᠯᠠᠨ ᠨᠦᠬᠦᠪᠤᠷᠢ ᠣᠯᠭᠤᠬᠤ᠂ ᠬᠠᠮᠲᠤ ᠪᠠᠷ ᠬᠤᠭᠤᠯᠠᠯᠠᠬᠤ ᠵᠡᠷᠭᠡ ᠬᠦᠳᠠᠯᠬᠡᠬᠡᠨ ᠢ ᠦᠷᠨᠢᠬᠦᠯᠵᠤ ᠪᠤᠯᠬᠤ ᠦᠬᠡᠢ᠂ ᠠᠯᠪᠠᠨ ᠵᠢᠷᠤᠮ ᠤᠨ ᠣᠶᠢᠵᠢᠭᠤᠯᠭ᠎ᠠ ᠶᠢᠨ ᠴᠢᠬᠡᠴᠢ ᠵᠠᠰᠠᠭ ᠤᠨ ᠤᠷᠴᠢᠨ ᠲᠤᠭᠤᠷᠢᠨ ᠢ ᠴᠢᠷᠮᠠᠶᠢᠨ ᠪᠤᠢ ᠪᠤᠯᠭᠠᠨ᠎ᠠ᠃                                                                                                      
 
ᠢᠷᠡᠯᠲᠡ᠄ ᠬᠤᠰᠢᠭᠤ ᠠᠷᠠᠳ ᠤᠨ ᠵᠠᠰᠠᠭ ᠤᠨ ᠣᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号