ᠮᠤᠤᠠᠤᠰᠤ ᠶᠢᠨ ᠬᠦᠨ ᠳᠤ ᠠᠮᠢᠯᠠᠬᠰᠠᠨ ︽ᠰᠤᠷᠭᠤᠭ ᠴᠡᠴᠡᠭ︾
ᠨᠡᠶᠢᠲᠡᠯᠡᠭᠰᠡᠨ ᠴᠠᠭ᠄
2018-05-30
      — ᠬᠤᠳᠠ ᠶᠢᠨ ︽5 · 1︾ ᠤ ᠬᠦᠳᠡᠯᠮᠤᠷᠢ ᠶᠢᠨ ᠮᠧᠳᠠᠯ          ᠭᠠᠷᠳᠠᠬᠰᠠᠨ ᠤᠶᠤᠩᠭᠤᠸ᠎ᠠ ᠶᠢᠨ ᠥᠢᠯᠡ ᠠᠵᠢᠯᠯᠠᠭ᠎ᠠ ᠠᠴᠠ
     ︽ᠪᠢ ᠪᠦᠰᠡᠬᠦᠢ ᠬᠦᠮᠥᠨ᠂ ᠲᠡᠶᠢᠮᠦ ᠠᠴᠠ ᠲᠦᠯᠦᠪᠯᠡᠬᠡᠳᠤ ᠬᠦᠡᠭᠬᠡᠵᠢᠯ ᠤᠨ ᠦᠢᠯᠡᠴᠢᠯᠡᠬᠡᠨ ᠤ ᠠᠵᠢᠯ ᠢ ᠭᠠᠷᠳᠠᠵᠦ ᠬᠢᠭᠰᠡᠨ ᠲᠡᠷᠡ ᠴᠠᠭ ᠠᠴᠠ ᠪᠤᠰᠤᠳ ᠢ ᠦᠪᠡᠷ ᠤᠨ ᠪᠡᠶ᠎ᠠ ᠲᠠᠢ ᠪᠠᠨ ᠠᠳᠠᠯᠢ ᠦᠵᠡᠳᠡᠭ︾ ᠬᠡᠵᠦ ᠲᠦᠯᠦᠪᠯᠡᠬᠡᠳᠤ ᠬᠦᠡᠭᠬᠡᠵᠢᠯ ᠤᠨ ᠦᠢᠯᠡᠴᠢᠯᠡᠬᠡᠨ ᠤ ᠠᠵᠢᠯ ᠳᠤ ᠭᠠᠪᠰᠢᠭᠠᠢᠢᠯᠠᠵᠦ ᠶᠠᠪᠤᠭ᠎ᠠ ᠦᠤᠰᠢᠨ ᠬᠤᠰᠢᠭᠤᠨ ᠤ ᠰᠦᠯᠳᠠ ᠰᠤᠮᠤᠨ ᠤ ᠡᠬᠡ ᠨᠢᠯᠬᠠᠰ ᠤᠨ ᠡᠷᠡᠬᠦᠯ ᠮᠠᠨᠳᠤ ᠶᠢ ᠬᠠᠮᠠᠭᠠᠯᠠᠬᠤ ᠲᠦᠯᠦᠪᠯᠡᠬᠡᠳᠤ ᠬᠦᠡᠭᠬᠡᠵᠢᠯ ᠤᠨ ᠦᠢᠯᠡᠴᠢᠯᠡᠬᠡᠨ ᠤ ᠦᠷᠳᠡᠭᠡ ᠶᠢᠨ ᠡᠮᠴᠢ ᠤᠶᠤᠩᠭᠤᠸ᠎ᠠ ᠡ᠊ᠨᠡᠷᠢᠩᠬᠦᠢ ᠰᠡᠳᠬᠢᠯ ᠢᠶᠠᠷ ᠶᠠᠷᠢᠵᠦ ᠪᠢᠯᠡ᠃ ᠲᠠᠶᠢᠮᠤ ᠡ᠂ ᠡᠪᠡᠳᠴᠢᠳᠠᠨ ᠤ ᠪᠠᠨ ᠡᠪᠡᠳᠴᠢᠨ ᠵᠤᠪᠠᠯᠠᠩ ᠢ ᠡᠳᠡᠭᠡᠷᠡᠭᠦᠯᠵᠤ᠂ ᠰᠡᠳᠬᠢᠯ ᠰᠠᠨᠠᠭ᠎ᠠ ᠶᠢ ᠨᠢ ᠲᠠᠶᠢᠪᠤᠰᠢᠷᠠᠭᠤᠯᠵᠦ ᠬᠠᠷᠢᠯᠴᠠᠨ ᠦᠢᠯᠠᠭᠠᠯᠴᠠᠬᠤ ᠪᠤᠯ ᠴᠢᠬᠤᠯᠠ ᠪᠠᠶᠢᠵᠡᠢ᠃
     ᠡᠮᠴᠢ ᠬᠦᠮᠥᠨ ᠤ ᠲᠠᠷᠬᠠᠨ ᠬᠠᠷᠢᠭᠤᠴᠠᠯᠭ᠎ᠠ      ᠤᠶᠤᠩᠭᠤᠸ᠎ᠠ 1990 ᠤᠨ ᠳᠤ ᠡᠮᠴᠢᠯᠡᠬᠡᠨ ᠤ ᠠᠵᠢᠯ ᠤᠨ ᠠᠩᠬᠠᠨ ᠤ ᠭᠠᠷᠤᠭ᠎ᠠ ᠪᠠᠨ ᠡᠬᠢᠯᠡᠭᠦᠯᠵᠤ᠂ ᠡᠬᠢᠨ ᠤ ᠦᠶ᠎ᠠ ᠳᠤ ᠪᠠᠨ ᠲᠦᠯᠦᠪᠯᠡᠬᠡᠳᠤ ᠬᠦᠡᠭᠬᠡᠵᠢᠯ ᠤᠨ ᠬᠠᠮᠢᠶ᠎ᠠ ᠪᠦᠬᠦᠢ ᠮᠡᠳᠡᠯᠬᠡ ᠮᠡᠷᠬᠡᠵᠢᠯ ᠬᠤᠮᠰᠠ ᠪᠤᠯᠬᠤᠷ ᠮᠠᠰᠢ ᠠᠷᠪᠢᠨ ᠲᠦᠪᠡᠭ ᠪᠡᠷᠬᠡᠰᠢᠶᠡᠯ ᠳᠤ ᠤᠴᠠᠷᠠᠵᠤ ᠪᠢᠯᠡ᠃ ᠲᠡᠷᠡᠪᠡᠷ ᠪᠦᠰᠡᠬᠦᠢ ᠬᠦᠮᠥᠨ ᠤ ᠨᠢᠭᠤᠴᠠᠭᠠᠢ ᠪᠤᠷᠤᠬᠵᠢᠭᠤᠨ ᠠᠭᠠᠰᠢᠨ ᠳᠤ ᠪᠠᠨ ᠲᠠᠶᠢᠯᠳᠠᠵᠦ ᠵᠢᠷᠮᠦᠰᠦᠯᠡᠬᠦ ᠶᠢ ᠬᠤᠷᠢᠬᠯᠠᠬᠤ ᠡᠮ ᠭᠡᠷᠡᠭᠰᠡᠯ ᠢ ᠬᠤᠪᠢᠶᠠᠷᠢᠯᠠᠬᠤ᠂ ᠴᠢᠨᠠᠭᠰᠢᠳᠠ ᠤᠬᠠᠭᠤᠯᠬᠤ ᠮᠡᠳᠤ ᠶᠢᠨ ᠬᠡᠴᠡᠬᠦᠦ ᠠᠵᠢᠯ ᠲᠤᠯᠭᠠᠷᠠᠭᠰᠠᠨ ᠨᠢ ︽ᠬᠤᠯᠤᠭᠠᠨ᠎ᠠ ᠶᠢᠨ ᠨᠦᠭᠡ ᠪᠠᠶᠢᠪᠠᠯ ᠤᠷᠤᠭᠠᠳ ᠰᠢᠷᠭᠤᠴᠢᠬᠠᠮᠠᠷ︾ ᠢᠴᠢᠭᠦᠷᠢᠳᠡᠢ ᠰᠠᠨᠠᠭᠳᠠᠭᠰᠠᠨ᠃ ᠲᠠᠭᠠᠭᠠᠵᠦ ᠠᠪᠤᠬᠠᠰᠨ ᠠᠵᠢᠯ ᠢᠶᠠᠨ ᠲᠤᠯᠵᠦ ᠬᠢᠬᠦ ᠠᠴᠠ ᠲᠤᠭᠤᠷᠢᠵᠤ ᠭᠠᠷᠬᠤ ᠠᠷᠭ᠎ᠠ ᠦᠬᠡᠢ ᠪᠤᠯᠬᠤᠷ ᠠᠪᠤ ᠡᠵᠢ ᠶᠢᠨ ᠢᠶᠠᠨ ᠢᠳᠬᠠᠯ ᠰᠤᠷᠭᠠᠯ ᠤᠨ ︽ᠦᠨᠡᠨᠴᠢᠭᠡᠨ ᠬᠠᠶᠢᠷ᠎ᠠ︾ ᠶᠢ ᠡᠪᠤᠷᠳᠤᠯᠡᠵᠤ᠂ ᠡᠨᠡ ᠬᠦ ᠠᠵᠢᠯ ᠳᠤ ᠪᠠᠨ ᠬᠠᠰᠢᠯᠠ ᠰᠢᠭᠤᠷᠬᠠᠢᠢᠯᠠᠬᠤ ᠪᠠᠷ ᠲᠦᠯᠦᠪᠯᠡᠬᠡᠳᠤ ᠬᠦᠡᠭᠬᠡᠵᠢᠯ ᠤᠨ ᠲᠤᠬᠠᠢ ᠬᠠᠤᠯᠢ ᠴᠠᠭᠠᠵᠠ᠂ ᠬᠠᠤᠯᠢ ᠲᠦᠷᠢᠮ ᠤᠨ ᠤᠨᠤᠯ ᠤᠳ ᠢ ᠰᠤᠷᠤᠯᠴᠠᠨ ᠲᠦᠯᠦᠪᠯᠡᠬᠡᠳᠤ ᠬᠦᠡᠭᠬᠡᠵᠢᠯ ᠤᠨ ᠡᠯ᠎ᠠ ᠰᠠᠯᠠᠭ᠎ᠠ ᠮᠦᠴᠢᠷ ᠤᠨ ᠲᠤᠬᠠᠢᠢᠯᠠᠬᠰᠠᠨ ᠠᠵᠢᠯ ᠤᠨ ᠪᠤᠯᠪᠠᠰᠤᠷᠠᠯ ᠳᠤ ᠤᠰᠤᠯᠳᠠᠯ ᠦᠬᠡᠢ ᠤᠷᠤᠯᠴᠠᠵᠡᠢ᠃ ᠤᠯᠠᠨ ᠵᠢᠯ ᠤᠨ ᠲᠤᠷᠰᠢ ᠠᠷᠭ᠎ᠠ ᠲᠤᠷᠰᠢᠯᠭ᠎ᠠ ᠬᠤᠷᠠᠮᠳᠤᠭᠤᠯᠬᠤ ᠶᠢᠨ ᠲᠠᠭᠠᠤ ᠳᠤ ᠬᠤᠰᠢᠭᠤ ᠱᠠᠳᠤᠨ ᠤ ᠡᠮᠨᠡᠯᠬᠡ ᠶᠢᠨ ᠬᠤᠷᠢᠶ᠎ᠠ ᠶᠢᠨ ᠪᠠᠭᠰᠢ ᠨᠠᠷ ᠠᠴᠠ ᠲᠠᠭᠠᠨ ᠰᠤᠷᠤᠯᠴᠠᠵᠦ᠂ ᠮᠡᠷᠬᠡᠵᠢᠯ ᠤᠨ ᠤᠷ᠎ᠠ ᠴᠢᠳᠠᠪᠤᠷᠢ ᠪᠠᠨ ᠲᠡᠭᠡᠭᠰᠢᠯᠡᠭᠦᠯᠬᠦ ᠶᠢ ᠵᠤᠷᠢᠵᠤ ᠶᠠᠪᠤᠭᠰᠠᠨ ᠠᠵᠢ᠃      ᠡᠳᠦᠷ ᠤᠨ ᠤᠳᠠᠭᠠᠨ ᠬᠤᠨᠤᠭ ᠤᠨ ᠵᠤᠵᠠᠭᠠᠨ ᠳᠤ ᠨᠢᠬᠡ ᠮᠡᠳᠡᠬᠦ ᠳᠤ ᠯᠠ ᠲᠤᠬᠠᠢᠢᠯᠠᠭᠰᠠᠨ ᠠᠵᠢᠯ ᠳᠤ ᠪᠠᠨ ᠪᠤᠯᠪᠠᠰᠤᠷᠠᠩᠭᠤᠢ ᠪᠤᠯᠤᠭᠰᠠᠠ ᠪᠠᠶᠢᠪᠠ᠃ ᠬᠠᠶᠠ ᠡᠮᠴᠢᠯᠡᠬᠦ ᠳᠤ ᠪᠡᠷᠬᠡᠳᠡᠢ ᠡᠪᠡᠳᠴᠢᠨ ᠪᠠᠰᠠ ᠲᠤᠬᠢᠶᠠᠯᠳᠤᠵᠤ ᠲᠡᠭᠦᠨ ᠢ ᠠᠷᠭ᠎ᠠ ᠮᠤᠬᠤᠭᠠᠬᠤ ᠴᠤ ᠪᠤᠢ᠃ ᠲᠡᠷᠡ ᠡᠮᠴᠢ ᠬᠦᠮᠥᠨ ᠤ ᠬᠠᠷᠢᠭᠤᠴᠠᠯᠭᠠᠳᠤ ᠤᠪᠤᠷ ᠢᠶᠠᠷ ᠡᠳᠡᠭᠡᠷ ᠡᠪᠡᠳᠴᠢᠨ ᠤ ᠲᠤᠬᠠᠢ  ᠮᠠᠲ᠋ᠧᠷᠢᠶᠠᠯ ᠴᠤᠬᠯᠠᠭᠤᠯᠵᠦ᠂ ᠡᠪᠡᠳᠴᠢᠳᠠᠨ ᠤ ᠪᠠᠨ ᠡᠮᠴᠢᠯᠡᠬᠡᠨ ᠤ ᠶᠠᠪᠤᠴᠠ ᠶᠢ ᠮᠦᠷᠳᠡᠵᠦ ᠡᠪᠡᠳᠴᠢᠨ ᠤ ᠪᠠᠶᠢᠳᠠᠯ ᠨᠢ ᠢᠯᠡᠷᠢ ᠪᠤᠯᠳᠠᠯ᠎ᠠ ᠨᠢ ᠰᠠᠶᠢᠨ ᠠᠵᠢᠭᠯᠠᠵᠤ ᠠᠵᠢᠶᠠᠷᠠᠳᠠᠭ ᠪᠠᠶᠢᠯ᠎ᠠ᠃
     ᠬᠦᠴᠢᠷ ᠪᠡᠷᠬᠡ ᠳᠤ ᠬᠠᠳᠠᠭᠤᠵᠢᠵᠦ ᠦᠷᠦᠪᠴᠢᠬᠡᠨ ᠬᠠᠶᠢᠷ᠎ᠠ ᠪᠠᠨ ᠶᠠᠬᠦᠯᠡᠭᠰᠡᠨ ᠨᠢ      ᠲᠦᠯᠦᠪᠯᠡᠬᠡᠳᠤ ᠬᠦᠡᠭᠬᠡᠵᠢᠯ ᠤᠨ ᠠᠵᠢᠯ ᠪᠤᠯ ᠦᠨᠡᠨ ᠳᠤ ᠪᠠᠨ ᠬᠠᠮᠤᠭ ᠪᠡᠷᠬᠡ ᠠᠵᠢᠯ ᠤᠨ ᠨᠢᠬᠡ ᠨᠢ ᠪᠢᠯᠡ᠃ ᠲᠤᠬᠠᠢ ᠶᠢᠨ ᠦᠶ᠎ᠠ ᠳᠤ ᠰᠤᠮᠤᠨ ᠤ ᠡᠮ ᠡᠮᠨᠡᠯᠬᠡ ᠶᠢᠨ ᠨᠦᠬᠦᠴᠡᠯ ᠠᠨᠠᠢ᠂ ᠲᠦᠯᠦᠪᠯᠡᠬᠡᠳᠤ ᠬᠦᠡᠭᠬᠡᠵᠢᠯ ᠤᠨ ᠮᠡᠷᠬᠡᠵᠢᠯ ᠤᠨ ᠦᠢᠯᠡᠴᠢᠯᠡᠭᠡ ᠬᠢᠳᠡᠭ ᠬᠦᠮᠥᠨ ᠴᠤ ᠴᠦᠬᠡᠨ ᠪᠠᠶᠢᠪᠠ᠃ ᠲᠡᠳᠡ ᠮᠠᠯᠵᠢᠬᠤ ᠲᠠᠷᠢᠶᠠᠯᠠᠬᠤ ᠤᠷᠤᠨ ᠢᠶᠠᠷ ᠨᠢᠬᠡ ᠪᠠᠭᠤᠬᠤ ᠳᠤ ᠬᠤᠷᠢᠭᠠᠳ ᠡᠳᠦᠷ ᠶᠠᠪᠤᠵᠤ ᠮᠠᠯᠴᠢᠨ ᠲᠠᠷᠢᠶᠠᠴᠢᠨ ᠤ ᠬᠡᠷ ᠲᠤ ᠬᠤᠨᠤᠬ ᠲᠠᠯᠪᠢᠳᠠᠭ᠃ 1990 — 1991 ᠤᠨ ᠳᠤ ᠲᠦᠯᠦᠪᠯᠡᠬᠡᠳᠤ ᠬᠦᠡᠭᠬᠡᠵᠢᠯ ᠤᠨ ᠮᠠᠰᠠ ᠵᠠᠰᠠᠯ ᠢ ᠮᠠᠯᠴᠢᠨ ᠲᠠᠷᠢᠶᠠᠴᠢᠨ ᠤ ᠬᠡᠷ ᠲᠤ ᠨᠢ ᠬᠢᠳᠡᠭ ᠪᠤᠯᠬᠤᠷ ᠨᠥᠰᠡᠷ ᠬᠦᠨᠳᠤ ᠡᠮᠴᠢᠯᠡᠬᠡᠨ ᠤ ᠪᠠᠭᠠᠵᠢ ᠬᠡᠷᠡᠭᠰᠡᠯ ᠢᠶᠠᠨ ᠮᠦᠷᠦᠯᠡᠵᠦ ᠶᠠᠪᠤᠳᠠᠭ᠃ ︽ᠡᠶᠢᠮᠦᠷᠬᠦ ᠮᠠᠰᠠ ᠵᠠᠰᠠᠯ ᠢ ᠵᠢᠯ ᠳᠤ ᠪᠠᠷᠤᠭ 600 ᠢᠯᠡᠬᠦᠦ ᠤᠳᠠᠭ᠎ᠠ ᠬᠢᠵᠦ ᠪᠠᠶᠢᠭᠰᠠᠨ᠃ ᠬᠡᠪᠡᠴᠤ ᠬᠠᠯᠠᠳᠡᠢ ᠨᠢᠬᠡ ᠨᠢ ᠮᠠᠯᠴᠢᠨ ᠲᠠᠷᠢᠶᠠᠴᠢᠳ ᠤᠨ ᠲᠦᠯᠦᠪᠯᠡᠬᠡᠳᠤ ᠬᠦᠡᠭᠬᠡᠵᠢᠯ ᠤᠨ ᠠᠵᠢᠯ ᠤᠨ ᠲᠤᠬᠠᠢ ᠲᠠᠨᠢᠯᠳᠠ ᠲᠤᠳᠠᠮᠠᠭ᠂ ᠰᠠᠨᠠᠭᠠᠴᠢᠯᠠᠭ᠎ᠠ ᠲᠠᠢ ᠪᠠᠷ ᠦᠢᠯᠡᠴᠢᠯᠡᠭᠡ ᠬᠦᠯᠢᠶᠡᠳᠡᠭ ᠦᠬᠡᠢ ᠨᠢ ᠮᠢᠨᠤ ᠰᠡᠳᠬᠢᠯ ᠤᠨ ᠲᠠᠷᠤᠭᠠᠰᠤ ᠪᠠᠶᠢᠪᠠ︾ ᠬᠡᠵᠦ ᠤᠶᠤᠩᠭᠤᠸ᠎ᠠ ᠶᠠᠷᠢᠨ᠎ᠠ᠃ ᠬᠦᠮᠥᠨ ᠤ ᠬᠦᠴᠦ ᠪᠠᠷ ᠤᠷᠤᠭ ᠤᠨᠠᠭᠠᠬᠤ᠂ ᠡᠮᠡᠭᠳᠡᠢ ᠶᠢᠨ ᠰᠠᠯᠠᠭᠠᠨ ᠤ ᠪᠠᠶᠢᠴᠠᠭᠠᠯᠳᠠ ᠬᠢᠬᠦ ᠠᠵᠢᠯ ᠢ ᠵᠢᠯ ᠳᠤ ᠤᠯᠠᠨ ᠤᠳᠠᠭ᠎ᠠ ᠦᠷᠨᠢᠬᠦᠯᠳᠡᠭ ᠠᠴᠠ ᠲᠡᠷᠡ ᠠᠶᠢᠯ ᠡᠷᠦᠬᠡ ᠪᠠᠷ ᠬᠦᠷᠴᠤ ᠨᠠᠰᠤᠨ ᠳᠤ ᠬᠦᠷᠦᠭᠰᠡᠨ ᠪᠦᠰᠡᠬᠦ᠋ᠢᠴᠤᠳ ᠢ ᠠᠰᠠᠭᠤᠨ ᠰᠤᠷᠪᠤᠯᠵᠢᠯᠠᠵᠦ ᠲᠦᠯᠦᠪᠯᠡᠬᠡᠳᠤ ᠬᠦᠡᠭᠬᠡᠵᠢᠯ ᠤᠨ ᠲᠦᠷᠦ ᠶᠢᠨ ᠪᠤᠳᠤᠯᠭ᠎ᠠ ᠂ ᠪᠡᠶ᠎ᠠ ᠶᠢᠨ ᠡᠷᠡᠬᠦᠯ ᠮᠠᠨᠳᠤ ᠶᠢᠨ ᠮᠡᠳᠡᠯᠬᠡ ᠪᠠ ᠤᠷᠤᠢ ᠬᠤᠷᠢᠮᠯᠠᠵᠦ ᠬᠡᠤᠬᠡᠳ ᠠᠪᠬᠤ ᠰᠢᠨ᠎ᠠ ᠰᠤᠷᠳᠠᠯ ᠢ ᠤᠬᠠᠭᠤᠯᠵᠦ᠂ ᠤᠯᠠᠨ ᠲᠦᠮᠡᠨ ᠤ ᠤᠬᠠᠮᠰᠠᠷ ᠠᠴᠠ ᠪᠠᠨ ᠰᠢᠯᠢᠳᠡᠭ ᠬᠡᠤᠬᠡᠳ ᠲᠦᠷᠦᠵᠦ᠂ ᠪᠠᠶᠠᠵᠢᠵᠦ ᠴᠢᠨᠡᠬᠡᠯᠢᠭᠵᠢᠬᠦ ᠶᠢ ᠬᠠᠯᠠᠰᠢᠷᠠᠯ ᠦᠬᠡᠢ ᠰᠤᠷᠳᠠᠯᠴᠢᠯᠡᠵᠦ ᠶᠠᠪᠤᠵᠡᠢ᠃      ᠤᠶᠤᠩᠭᠤᠸ᠎ᠠ ᠪᠠ ᠲᠡᠬᠦᠨ ᠤ ᠬᠠᠮᠳᠤ ᠠᠵᠢᠯᠳᠠᠨ ᠤ ᠬᠠᠮᠳᠤ ᠶᠢᠨ ᠵᠢᠳᠬᠦᠯ ᠴᠢᠷᠮᠠᠶᠢᠯᠭ᠎ᠠ ᠪᠠᠷ ᠰᠤᠮᠤᠨ ᠤ ᠲᠦᠯᠦᠪᠯᠡᠬᠡᠳᠤ ᠬᠦᠡᠭᠬᠡᠵᠢᠯ ᠤᠨ ᠠᠵᠢᠯ ᠤᠨ ︽ᠭᠤᠷᠪᠠᠨ ᠥᠡᠳᠥᠷ ᠨᠣᠷᠮ᠎ᠠ︾ ︵ᠲᠦᠷᠦᠬᠦ ᠨᠤᠷᠮ᠎ᠠ᠂ ᠨᠡᠮᠡᠭᠳᠡᠯ ᠤᠨ ᠨᠤᠷᠮ᠎ᠠ᠂ ᠬᠡᠤᠬᠡᠳ ᠤᠨ ᠦᠬᠦᠬᠦ ᠨᠤᠷᠮ᠎ᠠ︶ ᠶᠢ ︽ᠭᠤᠷᠪᠠᠨ ᠲᠤᠤᠷ᠎ᠠ ᠨᠤᠷᠮ᠎ᠠ︾ ︵ᠲᠦᠷᠦᠬᠦ ᠨᠤᠷᠮ᠎ᠠ᠂ ᠨᠡᠮᠡᠭᠳᠡᠯ ᠤᠨ ᠨᠤᠷᠮ᠎ᠠ᠂ ᠬᠡᠤᠬᠡᠳ ᠤᠨ ᠦᠬᠦᠬᠦ ᠨᠤᠷᠮ᠎ᠠ︶ ᠤᠷᠤᠭᠤ ᠬᠤᠪᠢᠷᠠᠭᠤᠯᠵᠦ᠂ ᠮᠠᠯᠴᠢᠨ ᠲᠠᠷᠢᠶᠠᠴᠢᠳ ᠤᠨ ᠠᠮᠢᠳᠤᠷᠠᠯ ᠴᠤ ᠬᠡᠤᠬᠡᠳ ᠰᠢᠤᠬᠠᠳ ᠤᠯᠠᠨᠳᠡᠢ᠂ ᠠᠮᠢᠳᠤᠷᠠᠯ ᠬᠦᠴᠢᠷᠳᠡᠢ ᠪᠠᠶᠢᠬᠰᠠᠨ ᠪᠠᠶᠢᠳᠠᠯ ᠠᠴᠠ ᠪᠠᠨ ᠬᠡᠤᠬᠡᠳ ᠴᠦᠬᠡᠨ ᠲᠦᠷᠦᠵᠦ ᠠᠮᠢᠳᠤᠷᠠᠯ ᠢᠶᠠᠨ ᠲᠡᠭᠡᠭᠰᠢ ᠲᠠᠳᠠᠨ᠂ ᠪᠠᠶᠠᠵᠢᠯ ᠤᠨ ᠵᠠᠮ ᠤᠷᠤᠭᠤ ᠠᠯᠭᠤᠷ ᠢᠶᠠᠷ ᠵᠠᠮᠨᠠᠬᠰᠠᠨ ᠪᠠᠶᠢᠯ᠎ᠠ᠃        ᠰᠡᠳᠬᠢᠯ ᠤᠨ ᠬᠦᠴᠦᠨ ᠳᠤ ᠠᠮᠢᠳᠤᠷᠠᠵᠦ ᠢᠳᠡᠬᠡᠯ ᠤᠨ ᠬᠦᠴᠦᠨ ᠳᠤ ᠵᠢᠷᠭᠠᠳᠠᠭ        ᠰᠤᠤᠰᠠᠬᠠᠢ ᠮᠠᠯᠵᠢᠯ ᠤᠨ ᠬᠤᠷᠰᠢᠶ᠎ᠠ ᠶᠢᠨ ᠮᠠᠯᠴᠢᠨ ᠴᠠᠭᠠᠨ᠊ᠡᠢᠰᠢᠬᠡ ᠰᠠᠪᠠᠨ ᠪᠤᠯᠴᠢᠩ ᠤᠨ ᠬᠠᠪᠤᠳᠠᠷ ᠤᠨ ᠮᠠᠰᠠ ᠵᠠᠰᠠᠯ ᠬᠢᠬᠡᠳ ᠪᠡᠶ᠎ᠠ ᠨᠢ ᠢᠯᠡᠷᠡᠢ ᠪᠤᠯᠤᠬᠰᠠᠨ ᠦᠬᠡᠢ᠂ ᠠᠮᠢᠳᠤᠷᠠᠯ ᠠᠬᠤᠢ ᠨᠢ ᠪᠠᠰᠠ ᠬᠦᠴᠢᠷᠳᠡᠢ ᠪᠠᠶᠢᠭᠰᠠᠨ ᠠᠴᠠ ᠤᠶᠤᠩᠭᠤᠸ᠎ᠠ ᠲᠤᠰᠬᠠᠢᠢᠯᠠᠠ ᠬᠦᠷᠴᠤ ᠡᠮ ᠲᠠᠩ ᠠᠴᠠ ᠭᠠᠳᠠᠭᠤᠷ 600 ᠲᠦᠬᠦᠷᠢᠭ ᠤᠨ ᠮᠥᠡᠭᠬᠦ ᠭᠠᠷᠳᠠᠭᠤᠯᠵᠡᠢ᠃ ᠤᠶᠤᠩᠭᠤᠸ᠎ᠠ ᠦᠨᠡᠬᠡᠷ ᠪᠤᠰᠤᠳ ᠤᠨ ᠲᠦᠯᠦᠬᠡ ᠪᠡᠶ᠎ᠠ ᠪᠠᠨ ᠵᠦᠳᠡᠭᠡᠵᠤ ᠰᠡᠳᠬᠢᠯ ᠢᠶᠠᠨ ᠴᠢᠯᠡᠭᠡᠵᠤ ᠶᠠᠪᠤᠭᠰᠠᠨ ᠬᠦᠮᠤᠨ᠃ ᠦᠪᠡᠷ ᠢᠶᠠᠨ ᠴᠤ ᠪᠦᠰᠡᠬᠦᠢ ᠬᠦᠮᠥᠨ ᠪᠤᠯᠬᠤᠷ ᠪᠡᠶ᠎ᠠ ᠰᠡᠳᠬᠢᠯ ᠤᠨ ᠲᠠᠷᠴᠢᠯᠠᠭᠠᠯ ᠵᠤᠪᠠᠯᠠᠩ ᠢ ᠴᠤᠭᠤᠷᠠᠳᠠᠯ᠎ᠠ ᠰᠠᠶᠢᠨ ᠦᠢᠯᠠᠭᠠᠨ᠎ᠠ᠃ ᠪᠤᠷᠤᠬᠦ᠋ᠳᠡᠭᠡ ᠶᠢᠨ ᠮᠠᠯᠴᠢᠨ ᠤᠶᠤᠨᠴᠢᠮᠡᠭ ᠬᠡᠷ ᠲᠤ ᠪᠠᠨ ᠭᠠᠭᠴᠠᠭᠠᠷ ᠰᠠᠭᠤᠵᠦ ᠪᠠᠶᠢᠬᠤ ᠳᠤ ᠭᠡᠨᠡᠳᠳᠡ ᠪᠡᠶᠠᠨ ᠠᠴᠠ ᠨᠢ ᠶᠡᠭᠡ ᠬᠡᠮᠵᠢᠶᠠᠨ ᠤ ᠴᠢᠰᠤ ᠭᠠᠷᠴᠤ ᠰᠦᠷᠡᠭᠡᠢ ᠪᠠᠯᠠᠳᠠᠵᠦ ᠰᠡᠨᠳᠤᠷᠴᠤ ᠪᠠᠶᠢᠬᠰᠠᠨ ᠢ ᠠᠶᠢᠮᠠᠭ ᠬᠠᠵᠠᠭᠤ ᠶᠢᠨ ᠬᠢᠨ ᠮᠡᠳᠡᠵᠦ ᠤᠶᠤᠩᠭᠤᠸ᠎ᠠ ᠤᠷᠤᠭᠤ ᠤᠳᠠᠰᠤᠳᠡᠵᠡᠢ᠃ ᠲᠡᠷᠡ ᠶᠠᠭᠠᠷᠠᠤ ᠰᠠᠨᠳᠤᠷᠤᠤ ᠪᠠᠴᠢᠮ ᠠᠪᠤᠷᠠᠯᠳᠠ ᠶᠢᠨ ᠪᠤᠬᠴᠤ ᠪᠠᠨ ᠲᠡᠬᠦᠵᠢᠯᠡᠬᠡᠳ ᠨᠢᠰᠬᠦ ᠬᠤᠷᠳᠤᠴᠠ ᠪᠠᠷ ᠲᠠᠯᠪᠢᠨ ᠬᠦᠷᠴᠤ᠂ ᠪᠠᠴᠢᠮ ᠠᠪᠤᠷᠠᠯᠳᠠ ᠬᠢᠬᠡᠳ ᠴᠢᠰᠤ ᠶᠢ ᠨᠢ ᠵᠤᠬᠰᠤᠭᠠᠵᠠᠢ᠃ ᠤᠶᠤᠨᠴᠢᠮᠡᠭ ᠤᠨ ᠡᠪᠡᠳᠴᠢᠨ ᠤ ᠪᠠᠶᠢᠳᠠᠯ ᠨᠠᠮᠳᠠᠬᠤ ᠳᠤ ᠰᠤᠮᠤᠨ ᠤ ᠦᠢᠯᠡᠴᠢᠯᠡᠬᠡᠨ ᠤ ᠦᠷᠳᠡᠭᠡ ᠳᠤ ᠪᠠᠨ ᠠᠪᠴᠢᠷᠠᠨ ᠰᠠᠶᠢᠬᠠᠨ ᠠᠰᠠᠷᠠᠨ ᠬᠠᠷᠠᠭᠠᠯᠵᠡᠵᠦ ᠡᠳᠡᠬᠡᠷᠡᠬᠦᠯᠵᠦ ᠦᠭᠴᠡᠢ᠃      ᠡᠮᠴᠢ ᠬᠦᠮᠥᠨ ᠡᠪᠡᠳᠴᠢᠳᠠᠨ ᠤ ᠪᠠᠨ ᠲᠦᠯᠦᠬᠡ ᠵᠠᠪᠠᠯ ᠬᠠᠷᠢᠭᠤᠴᠠᠬᠤ ᠶᠤᠰᠤᠳᠡᠢ ᠬᠡᠭᠴᠢ ᠶᠢ ᠬᠦᠨ ᠤᠬᠠᠪᠤᠷᠢᠯᠠᠬᠰᠠᠨ ᠣᠶᠣᠩᠭᠤᠸ᠎ᠠ ᠨᠡᠶᠢᠬᠡᠮ ᠤᠨ ᠡᠯ᠎ᠠ ᠬᠦᠴᠢᠷᠳᠡᠯᠳᠡᠢ ᠬᠦᠮᠦᠰ ᠲᠤ 2000 ᠲᠦᠬᠦᠷᠢᠭ ᠤᠨ ᠮᠥᠡᠭᠬᠦ ᠵᠤᠭᠤᠰ ᠡᠳ᠋ ᠪᠤᠳᠠᠰ ᠲᠦᠬᠡᠬᠡᠨ ᠦᠭᠴᠤ᠂ ᠮᠠᠯᠴᠢᠨ ᠲᠠᠷᠢᠶᠠᠴᠢᠳ ᠲᠤ ᠪᠠᠨ ᠮᠤᠤᠠᠤᠰᠤ ᠶᠢᠨ ᠬᠦᠨ ᠳᠠᠬᠢ ᠲᠦᠯᠦᠪᠯᠡᠬᠡᠳᠤ ᠬᠦᠡᠭᠬᠡᠵᠢᠯ ᠤᠨ ᠲᠦᠷᠦ ᠶᠢᠨ ᠪᠤᠳᠤᠯᠭ᠎ᠠ ᠶᠢ ᠲᠥᠭᠡᠭᠡᠭᠰᠡᠡ ︽ᠪᠠᠭᠠᠳᠤᠷ ᠪᠦᠰᠡᠬᠦᠢ︾ ᠵᠢᠴᠢ ᠪᠦᠰᠡᠬᠦ᠋ᠢᠴᠤᠳ ᠤᠨ ᠠᠪᠤᠷᠠᠯ ᠤᠨ ᠤᠳᠤᠨ ᠪᠤᠯᠵᠦ ᠨᠡᠷᠡᠯᠡᠭᠳᠡᠵᠦ ᠶᠠᠪᠤᠭᠰᠠᠨ ᠲᠡᠤᠭᠡ ᠲᠠᠢ᠃      ᠤᠶᠤᠩᠭᠤᠸ᠎ᠠ ᠦᠭᠡᠷ᠎ᠠ ᠪᠤᠰᠤᠳ ᠤᠨ ᠲᠦᠯᠦᠬᠡ ᠦᠷᠤᠴᠡ ᠵᠢᠷᠤᠭᠡ ᠪᠠᠨ ᠲᠠᠳᠠᠯᠵᠠᠭᠤᠯᠤᠨ ᠵᠢᠳᠬᠦᠭᠰᠡᠬᠡᠷ ᠪᠠᠶᠢᠵᠦ ᠬᠡᠷᠡᠬᠦᠯᠢᠭ ᠡᠪᠡᠳᠴᠢᠨ ᠤ ᠦᠶ᠎ᠠ ᠶᠢᠨ ᠦᠷᠪᠢᠰᠦᠯ ᠳᠤ ᠨᠡᠷᠪᠡᠭᠳᠡᠭᠰᠡᠨ ᠴᠤ ᠠᠵᠢᠯ ᠤᠨ ᠪᠠᠶᠢᠷᠢ ᠪᠠᠨ ᠪᠠᠳᠤ ᠰᠠᠬᠢᠬᠰᠠᠭᠠᠷ᠃ ᠲᠡᠷᠡ 20 ᠵᠢᠯ ᠤᠨ ᠲᠤᠷᠰᠢ 10000 ᠭᠠᠷᠤᠢ ᠨᠠᠰᠤᠨ ᠳᠤ ᠬᠦᠷᠦᠭᠰᠡᠨ ᠡᠮᠡᠭᠳᠡᠶᠢᠴᠤᠳ ᠲᠤ ᠲᠦᠯᠦᠪᠯᠡᠬᠡᠳᠤ ᠬᠦᠡᠭᠬᠡᠵᠢᠯ ᠤᠨ ᠮᠡᠷᠬᠡᠵᠢᠯ ᠤᠨ ᠦᠢᠯᠡᠴᠢᠯᠡᠭᠡ ᠬᠠᠨᠭ᠍ᠭᠠᠵᠦ᠂ 100 ᠢᠯᠡᠬᠦᠦ ᠲᠡᠯᠡᠪᠡᠢ ᠡᠷᠡᠬᠦᠯᠵᠢᠯ ᠤᠨ ᠮᠡᠳᠡᠯᠬᠡ ᠶᠢᠨ ᠪᠤᠯᠪᠠᠰᠤᠷᠠᠯ ᠢ ᠬᠦᠷᠳᠡᠬᠡᠵᠦ᠂ 8000 ᠭᠠᠷᠤᠢ ᠬᠦᠮᠥᠨ ᠤᠳᠠᠭ᠎ᠠ ᠳᠤ ᠨᠠᠰᠤᠨ ᠳᠤ ᠬᠦᠷᠦᠭᠰᠡᠨ ᠡᠮᠡᠭᠳᠡᠶᠢᠴᠤᠳ ᠤᠨ ᠪᠠᠶᠢᠴᠠᠭᠠᠯᠳᠠ ᠬᠢᠵᠡᠢ᠃ ᠨᠡᠯᠢᠶᠡᠳ ᠤᠯᠠᠨ ᠡᠮᠡᠭᠳᠡᠶᠢᠴᠤᠳ ᠤᠶᠤᠩᠭᠤᠸ᠎ᠠ ᠶᠢᠨ ᠡᠮᠡᠭᠳᠡᠢ ᠶᠢᠨ ᠰᠠᠯᠠᠭᠠᠨ ᠤ ᠡᠪᠡᠳᠴᠢᠨ ᠤ ᠪᠠᠶᠢᠴᠠᠭᠠᠯᠳᠠ ᠪᠠᠷ ᠵᠦᠪ ᠤᠨᠤᠰᠢᠯᠠᠭᠤᠯᠵᠦ᠂ ᠬᠤᠤᠷᠳᠤ ᠬᠠᠪᠤᠳᠠᠷ ᠵᠡᠷᠬᠡ ᠡᠪᠡᠳᠴᠢᠨ ᠢ ᠡᠷᠳᠡᠬᠡᠨ ᠢᠯᠡᠷᠡᠬᠦᠯᠵᠦ ᠴᠢᠳᠠᠭᠠᠳ ᠶᠡᠭᠡ ᠡᠮᠨᠡᠯᠬᠡ ᠶᠢᠨ ᠬᠤᠷᠢᠶᠠᠨ ᠳᠤ ᠬᠦᠷᠴᠤ ᠡᠮᠴᠢᠯᠡᠬᠦᠯᠪᠡ᠃ ᠰᠦᠯᠳᠠ ᠰᠤᠮᠤᠨ ᠤ ᠪᠦᠰᠡᠬᠦ᠋ᠢᠴᠤᠳ ᠤᠶᠤᠩᠭᠤᠸ᠎ᠠ ᠭᠡᠪᠡᠯ ᠡᠷᠡᠭᠡᠢ ᠭᠠᠷᠭᠠᠨ ᠭᠤᠵᠦ᠋ᠢᠯᠭᠠᠵᠤ᠂ ︽ᠲᠦᠯᠦᠪᠯᠡᠬᠡᠳᠤ ᠬᠦᠡᠭᠬᠡᠵᠢᠯ ᠤᠨ ᠦᠢᠯᠡᠴᠢᠯᠡᠬᠡᠨ ᠤ ᠦᠷᠳᠡᠭᠡ ᠶᠢᠨ ᠤᠶᠤᠩᠭᠤᠸ᠎ᠠ ᠪᠤᠯ ᠪᠢᠳᠠᠨ ᠤ ᠠᠪᠤᠷᠠᠯ ᠤᠨ ᠤᠳᠤᠨ ᠰᠢᠤ︾ ᠬᠡᠵᠦ ᠠᠮᠠ ᠠᠴᠠ ᠠᠮᠠ ᠲᠠᠮᠵᠢᠨ ᠶᠠᠷᠢᠭᠳᠠᠬᠤ ᠶᠤᠮ᠃      ︽ᠬᠠᠷᠢᠭᠤ ᠲᠠᠢ ᠪᠣᠯ ᠪᠢᠷᠠᠭᠤ ᠲᠠᠢ︾ ᠭᠡᠳᠡᠭᠴᠢᠯᠡᠨ ᠲᠡᠭᠦᠨ ᠤ ᠴᠦᠭᠦᠷᠡᠯ ᠦᠭᠡᠢ ᠴᠢᠷᠮᠠᠶᠢᠯᠭ᠎ᠠ ᠵᠢᠳᠭᠦᠯ ᠨᠢ ᠬᠠᠮᠢᠶ ᠎ᠠ ᠪᠦᠬᠦᠢ ᠰᠠᠯᠠᠭ᠎ᠠ ᠮᠦᠴᠢᠷ ᠤᠨ ᠦᠨᠳᠤᠷ ᠦᠨᠡᠯᠡᠯᠳᠡ ᠶᠢ ᠤᠯᠵᠤ᠂ ᠬᠤᠳᠠ᠂ ᠬᠤᠰᠢᠭᠤ ᠱᠠᠳᠤᠨ ᠤ ︽ᠲᠡᠷᠢᠬᠦᠨ ᠤ ᠡᠷᠡᠬᠦᠯ ᠬᠠᠮᠠᠭᠠᠯᠠᠯ ᠤᠨ ᠠᠵᠢᠯᠳᠠᠨ︾ ᠤ ᠢᠷᠠᠭᠤ ᠠᠯᠳᠠᠷ᠂ ︽ᠤᠷᠳᠤᠰ ᠤᠨ ᠰᠠᠶᠢᠨ ᠬᠦᠮᠥᠨ︾ ᠵᠢᠴᠢ ᠡᠨᠡ ᠵᠢᠯ ᠬᠤᠳᠠ ᠶᠢᠨ ᠲᠠᠪᠤᠨ ᠰᠠᠷ᠎ᠠ ᠶᠢᠨ ᠨᠢᠬᠡᠨ ᠤ ᠬᠦᠳᠡᠯᠮᠤᠷᠢ ᠶᠢᠨ ᠮᠧᠳᠡᠯ ᠢᠶᠠᠷ ᠡ᠊ᠡᠭᠭᠡᠷ ᠢᠶᠠᠨ ᠮᠢᠯᠢᠶᠠᠯᠭᠠᠵᠤ ᠪᠢᠯᠡ᠃        ᠱᠦᠷᠬᠡᠢ ᠶᠢᠨ ᠨᠡᠬᠦᠷᠡᠰᠤᠨ ᠬᠡᠢ ᠶᠢᠨ ᠠᠢ ᠰᠠᠪᠠ ᠵᠢᠴᠢ ᠨᠡᠬᠦᠷᠠᠰᠤᠨ ᠤ ᠶᠡᠭᠡ ᠬᠡᠮᠵᠢᠶᠠᠨ ᠤ ᠭᠠᠷᠭᠠᠯᠳᠠ ᠠᠴᠠ ᠪᠤᠯᠵᠦ ᠶᠡᠭᠡ ᠤᠯᠠᠨ ᠬᠦᠮᠥᠡ ᠰᠦᠯᠳᠠ ᠰᠤᠮᠤᠨ ᠳᠤ ᠨᠡᠬᠦᠵᠦ ᠤᠴᠢᠭᠰᠠᠨ ᠠᠴᠠ ᠤᠶᠤᠩᠭᠤᠸ᠎ᠠ ᠶᠢᠨ ᠦᠢᠯᠡᠴᠢᠯᠡᠬᠦ ᠬᠡᠪᠴᠢᠶ᠎ᠠ ᠥᠷᠭᠡᠳᠴᠥ᠂ ᠬᠦᠴᠢᠷ ᠤᠨ ᠬᠡᠮᠵᠢᠶ᠎ᠠ ᠴᠤ ᠨᠡᠮᠡᠭᠳᠡᠨ᠂ ᠪᠠᠶᠢᠳᠠᠯ ᠨᠢ ᠨᠠᠩ ᠪᠤᠳᠤᠯᠢᠶᠠᠨᠳᠡᠢ ᠪᠤᠯᠤᠬᠰᠠᠨ ᠪᠠᠶᠢᠨ᠎ᠠ᠃ ᠬᠡᠪᠡᠴᠤ ᠤᠶᠤᠩᠭᠤᠸ᠎ᠠ ᠡᠪᠡᠳᠴᠢᠨ ᠡᠮᠬᠡᠭ ᠲᠠᠢ ᠬᠡᠮᠡᠨ ᠦᠴᠦᠬᠡᠨ ᠴᠤ ᠲᠠᠳᠠᠭᠠᠯᠵᠠᠭᠰᠠᠠ ᠦᠬᠡᠢ᠂ ᠨᠠᠩ ᠤᠯᠠᠨ ᠬᠦᠮᠤᠨ ᠳᠤ ᠲᠤᠰᠠ ᠬᠢᠵᠤ ᠬᠠᠯᠠᠭᠤᠮᠰᠤᠭ ᠦᠢᠯᠡᠴᠢᠯᠡᠭᠡ ᠬᠦᠷᠳᠡᠬᠡᠬᠦ ᠪᠠᠷ ᠨᠢᠬᠡᠯᠡ ᠰᠡᠳᠬᠢᠯ ᠢᠶᠠᠷ ᠰᠢᠭᠤᠷᠬᠠᠢᠢᠯᠠᠬᠰᠠᠭᠠᠷ ᠁
 
ᠢᠷᠡᠯᠲᠡ᠄ ᠤᠷᠳᠤᠰ ᠮᠤᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号