ᠬᠤᠳᠠ ᠶᠢᠨ ᠨᠠᠮ ᠤᠨ ᠬᠤᠷᠢᠶᠠᠨ ᠤ ᠲᠡᠳ᠋ ᠱᠥᠵᠢ᠂ ᠤᠯᠤᠰ ᠲᠥᠷᠥ ᠬᠠᠤᠯᠢ ᠴᠠᠭᠠᠵᠠ ᠶᠢᠨ ᠬᠤᠷᠢᠶᠠᠨ  ᠤ ᠱᠥᠵᠢ ᠢᠤᠢ ᠰᠢᠨ ᠹᠠᠩ ᠮᠠᠨ ᠤ ᠬᠤᠰᠢᠭᠤᠨ ᠳᠤ ᠪᠠᠶᠢᠴᠠᠭᠠᠨ ᠰᠤᠳᠤᠯᠤᠯᠳᠠ ᠬᠢᠪᠡ
ᠨᠡᠶᠢᠲᠡᠯᠡᠭᠰᠡᠨ ᠴᠠᠭ᠄
2018-05-07
     5 ᠰᠠᠷ᠎ᠠ ᠶᠢᠨ 3 ᠤ ᠡᠳᠦᠷ᠂ ᠬᠤᠳᠠ ᠶᠢᠨ ᠨᠠᠮ ᠤᠨ ᠬᠤᠷᠢᠶᠠᠨ ᠤ ᠲᠡᠳ᠋ ᠱᠥᠵᠢ᠂ ᠤᠯᠤᠰ ᠲᠥᠷᠥ ᠬᠠᠤᠯᠢ ᠴᠠᠭᠠᠵᠠ ᠶᠢᠨ ᠬᠤᠷᠢᠶᠠᠨ ᠤ ᠱᠥᠵᠢ ᠢᠤᠢ ᠰᠢᠨ ᠹᠠᠩ᠂ ᠮᠠᠨ ᠤ ᠬᠤᠰᠢᠭᠤᠨ ᠳᠤ ᠪᠠᠶᠢᠴᠠᠭᠠᠨ ᠰᠤᠳᠤᠯᠤᠯᠳᠠ ᠭᠢᠭᠰᠡᠨ ᠪᠠᠶᠢᠨ᠎ᠠ᠃ ᠬᠤᠳᠠ ᠶᠢᠨ ᠤᠯᠤᠰ ᠲᠥᠷᠥ ᠶᠢᠨ ᠵᠥᠪᠯᠡᠯᠭᠡᠨ ᠤ ᠲᠡᠳ᠋ ᠲᠠᠷᠢᠭᠦᠯᠡᠭᠴᠢ᠂ ᠬᠤᠰᠢᠭᠤ ᠨᠠᠮ ᠤᠨ ᠬᠤᠷᠢᠶᠠᠨ ᠤ ᠱᠥᠵᠢ ᠵᠢᠷᠭᠠᠯᠳᠤ᠂ ᠬᠤᠰᠢᠭᠤ ᠨᠠᠮ ᠤᠨ ᠬᠤᠷᠢᠶᠠᠨ ᠤ ᠲᠡᠳ᠋ ᠱᠥᠵᠢ᠂ ᠬᠤᠰᠢᠭᠤ ᠲᠠᠷᠤᠭ᠎ᠠ ᠴᠢᠶᠤᠤ ᠶᠥᠨ ᠯᠢ᠂ ᠬᠤᠰᠢᠭᠤ ᠨᠠᠮ ᠤᠨ ᠬᠤᠷᠢᠶᠠᠨ ᠤ ᠲᠡᠳ᠋ ᠱᠥᠵᠢ᠂ ᠤᠯᠤᠰ ᠲᠥᠷᠥ ᠬᠠᠤᠯᠢ ᠴᠠᠭᠠᠵᠠ ᠶᠢᠨ ᠬᠤᠷᠢᠶᠠᠨ ᠤ ᠱᠥᠵᠢ ᠰᠤᠷᠭᠠᠯᠳᠤ᠂ ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠬᠦᠨ᠂ ᠬᠤᠰᠢᠭᠤ ᠲᠡᠳ᠋ ᠲᠠᠷᠤᠭ᠎ᠠ ᠵᠠᠩ ᡁᠢ ᠰᠢᠦ᠋ᠩ᠂ ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠨᠠᠮ ᠤᠨ ᠬᠤᠷᠢᠶᠠᠨ ᠤ ᠠᠯᠪᠠᠨ ᠭᠡᠷ ᠤᠨ ᠡᠷᠭᠢᠯᠡᠭᠴᠢ ᠵᠤᠤ ᠶᠥᠩ ᠹᠧᠩ ᠪᠤᠯᠤᠨ ᠰᠤᠪᠤᠷᠭ᠎ᠠ ᠠᠵᠤ ᠠᠬᠤᠢ ᠶᠢᠨ ᠨᠡᠭᠡᠭᠡᠯᠳᠠ ᠶᠢᠨ ᠲᠤᠭᠤᠷᠢᠭ᠂ ᠵᠠᠰᠠᠭ ᠤᠨ ᠤᠷᠳᠤᠨ ᠤ ᠠᠯᠪᠠᠨ ᠭᠡᠷ ᠵᠡᠷᠭᠡ ᠰᠠᠯᠠᠭ᠎ᠠ ᠮᠥᠴᠢᠷ ᠤᠨ ᠬᠠᠷᠢᠭᠤᠴᠠᠯᠭᠠᠳᠠᠨ ᠪᠠᠷᠠᠳᠠᠨ ᠪᠠᠶᠢᠴᠠᠭᠠᠪᠠ᠃      ᠢᠤᠢ ᠰᠢᠨ ᠹᠠᠩ ᠨᠠᠷ ᠵᠥᠩ ᠲᠢᠶᠠᠨ ᠡᠾᠧ ᠴᠤᠸᠠᠩ ᠺᠤᠮᠫᠠᠨᠢ ᠶᠢᠨ ᠨᠠᠭᠦᠷᠠᠰᠤ ᠶᠢ ᠨᠠᠷᠢᠯᠢᠭ ᠪᠤᠯᠪᠠᠰᠤᠷᠠᠭᠤᠯᠬᠤ ᠲᠠᠭᠤᠷᠢᠶᠠᠯ ᠲᠥᠷᠥᠯ ᠵᠥᠢᠯ ᠤᠨ ᠤᠷᠤᠨ᠂ ᠵᠥᠩ ᠮᠸᠢ ᠪᠦᠯᠦᠭᠯᠡᠯ ᠤᠨ ᠤᠷᠳᠤᠰ ᠡᠨᠧᠷᠬᠢ ᠭᠢᠮᠢ  ᠶᠢᠨ ᠠᠵᠤ ᠦᠢᠯᠡᠳᠪᠦᠷᠢ ᠤᠨ ᠬᠢᠵᠠᠭᠠᠷᠲᠤ ᠺᠤᠮᠫᠠᠨᠢ ᠶᠢᠨ 200 ᠲᠥᠮᠠᠨ ᠲᠤᠨ ᠤ ᠨᠡᠶᠢᠯᠡᠮᠡᠯ ᠰᠢᠪᠳᠤᠷ ᠤᠨ 350 ᠲᠥᠮᠠᠨ ᠲᠤᠨ ᠤ ᠰᠢᠭᠡᠰᠦᠯᠢᠭ ᠡᠳ᠋ ᠤᠨ ᠲᠥᠷᠥᠯ ᠵᠥᠢᠯ ᠤᠨ ᠤᠷᠤᠨ ᠢᠶᠠᠷ ᠬᠦᠷᠴᠦ᠂ ᠠᠵᠤ ᠠᠬᠤᠶᠢᠯᠠᠯ ᠤᠨ ᠥᠨᠳᠤᠰᠤᠨ ᠪᠠᠶᠢᠳᠠᠯ ᠪᠤᠯᠤᠨ ᠥᠢᠯᠡᠳᠪᠤᠷᠢᠯᠠᠯ ᠡᠵᠡᠩᠨᠠᠯᠳᠠ ᠶᠢᠨ ᠪᠠᠶᠢᠳᠠᠯ ᠤᠨ ᠲᠤᠬᠠᠢ ᠲᠠᠨᠢᠯᠴᠠᠭᠤᠯᠭ᠎ᠠ ᠶᠢ ᠰᠤᠨᠤᠰᠴᠤ᠂ ᠡᠯ᠎ᠠ ᠠᠵᠤ ᠠᠬᠤᠶᠢᠯᠠᠯ ᠤᠨ ᠣᠶᠢᠯᠡᠳᠪᠣᠷᠢᠯᠡᠯ ᠤᠨ ᠮᠠᠷᠭᠡᠵᠢᠯ᠂ ᠥᠢᠯᠡᠳᠪᠤᠷᠢᠯᠠᠭᠦ ᠶᠠᠪᠤᠴᠠ᠂ ᠠᠵᠢᠯᠳᠠᠳ ᠤᠨ ᠴᠠᠯᠢᠩ ᠭᠥᠯᠤᠰᠤ ᠵᠡᠷᠭᠡ ᠲᠠᠯ᠎ᠠ ᠶᠢᠨ ᠪᠠᠶᠢᠳᠠᠯ ᠢ ᠨᠠᠷᠢᠨ ᠤᠶᠢᠯᠠᠭᠠᠭᠰᠠᠨ ᠪᠠᠶᠢᠨ᠎ᠠ᠃ ᠢᠤᠢ ᠰᠢᠨ ᠹᠠᠩ ᠴᠢᠬᠤᠯᠠᠴᠢᠯᠠᠬᠤ ᠳᠤ ᠪᠠᠨ᠂ ᠠᠵᠤ ᠠᠬᠤᠶᠢᠯᠠᠯ ᠨᠢ ᠭᠥᠭᠵᠢᠯᠳᠠ ᠶᠢᠨ ᠢᠳᠡᠭᠡᠯ ᠢᠶᠠᠨ ᠪᠠᠳᠤᠳᠬᠠᠨ᠂ ᠬᠠᠮᠢᠶᠠᠷᠤᠯᠳᠠ ᠪᠠᠨ ᠴᠢᠭᠭᠠᠳᠬᠠᠵᠤ᠂ ᠰᠢᠨᠵᠢᠯᠠᠭᠦ ᠤᠬᠠᠭᠠᠨᠴᠢ ᠪᠠᠷ ᠥᠢᠯᠡᠳᠪᠤᠷᠢᠯᠠᠨ ᠡᠵᠡᠩᠨᠠᠵᠤ᠂ ᠥᠢᠯᠡᠳᠪᠤᠷᠢᠯᠠᠯ  ᠤᠨ ᠪᠥᠳᠥᠮᠵᠢ ᠪᠠᠨ ᠲᠡᠭᠡᠭᠰᠢᠯᠡᠭᠦᠯᠵᠤ᠂ ᠵᠠᠬ᠎ᠠ ᠲᠡᠯᠭᠡᠭᠦᠷ ᠢ ᠥᠷᠭᠡᠳᠭᠡᠨ᠂ ᠬᠠᠮᠤᠭ ᠥᠨᠳᠤᠷ ᠥᠢᠯᠡᠳᠭᠦᠨ ᠤ ᠥᠷᠳᠡᠭ ᠢ ᠴᠢᠷᠮᠠᠶᠢᠨ ᠡᠭᠦᠳᠭᠦ ᠭᠡᠷᠡᠭᠳᠠᠢ᠃ ᠥᠢᠯᠡᠳᠪᠤᠷᠢᠯᠠᠭᠦ ᠴᠢᠳᠠᠪᠤᠷᠢ ᠪᠠᠨ ᠨᠡᠮᠡᠭᠳᠡᠭᠦᠯᠤᠨ᠂ ᠠᠵᠤ ᠠᠬᠤᠶᠢᠯᠠᠯ  ᠤᠨ ᠠᠵᠤ ᠠᠬᠤᠢ ᠶᠢᠨ ᠭᠥᠭᠵᠢᠯᠳᠠ ᠶᠢᠨ ᠴᠢᠨᠠᠷ ᠴᠢᠨᠰᠠᠭ᠎ᠠ ᠪᠤᠯᠤᠨ ᠥᠷ᠎ᠠ ᠠᠰᠢᠭ ᠢ ᠲᠡᠭᠡᠭᠰᠢᠯᠡᠭᠦᠯᠵᠤ᠂ ᠠᠵᠤ ᠠᠬᠤᠶᠢᠯᠠᠯ ᠤᠨ ᠥᠷᠢᠰᠤᠯᠳᠤᠭᠦ ᠭᠥᠴᠤᠨ ᠢ ᠨᠡᠮᠡᠭᠳᠡᠭᠦᠯᠵᠤ᠂ ᠭᠠᠵᠠᠷ ᠤᠷᠤᠨ ᠤ ᠠᠵᠤ ᠠᠬᠤᠢ ᠨᠠᠶᠢᠭᠡᠮ ᠤᠨ ᠭᠥᠭᠵᠢᠯᠳᠠ ᠳᠤ ᠨᠡᠩ ᠶᠡᠭᠡ ᠬᠤᠪᠢ ᠨᠠᠮᠠᠷᠢ ᠪᠠᠨ ᠡᠷᠭᠦᠭᠦ ᠭᠡᠷᠡᠭᠳᠠᠢ ᠭᠡᠵᠡᠢ᠃
 
ᠢᠷᠡᠯᠲᠡ᠄ ᠦᠣᠰᠢᠨ ᠬᠤᠰᠢᠭᠤᠨ ᠤ ᠷᠠᠳᠢᠤ᠋ ᠲᠧᠯᠸᠢᠰ ᠦᠢᠯᠡᠴᠢᠯᠡᠭᠡᠨ ᠤ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号