ᠪᠥᠭᠦ ᠬᠤᠰᠢᠭᠤᠨ ᠤ ᠶᠠᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠠᠵᠢᠯ ᠤᠨ ᠰᠠᠭᠤᠳᠠᠯ ᠤᠨ ᠬᠤᠷᠠᠯ ᠬᠤᠷᠠᠯᠳᠤᠪᠠ
ᠨᠡᠶᠢᠲᠡᠯᠡᠭᠰᠡᠨ ᠴᠠᠭ᠄
2018-05-08
      4 ᠰᠠᠷ᠎ᠠ ᠶᠢᠨ 26 ᠤ ᠡᠳᠤᠷ᠂ ᠪᠥᠭᠦ ᠬᠤᠰᠢᠭᠤᠨ ᠤ ᠶᠠᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠠᠵᠢᠯ ᠤᠨ ᠰᠠᠭᠤᠳᠠᠯ ᠤᠨ ᠬᠤᠷᠠᠯ ᠬᠤᠷᠠᠯᠳᠤᠵᠤ᠂ ᠬᠤᠳᠠ ᠶᠢᠨ ᠤᠯᠤᠰ ᠲᠥᠷᠥ ᠶᠢᠨ ᠵᠥᠪᠯᠡᠯᠭᠡᠨ ᠤ ᠲᠡᠳ᠋ ᠲᠡᠷᠢᠭᠦᠯᠡᠭᠴᠢ᠂ ᠬᠤᠰᠢᠭᠤ ᠨᠠᠮ ᠤᠨ ᠬᠤᠷᠢᠶᠠᠨ ᠤ ᠱᠥᠵᠢ ᠵᠢᠷᠭᠠᠯᠳᠤ ᠬᠤᠷᠠᠯ ᠡᠷᠭᠢᠯᠠᠵᠤ᠂ ᠬᠤᠰᠢᠭᠤ ᠨᠠᠮ  ᠤᠨ ᠬᠤᠷᠢᠶᠠᠨ ᠤ ᠲᠡᠳ᠋ ᠱᠥᠵᠢ᠂ ᠬᠤᠰᠢᠭᠤ ᠲᠠᠷᠤᠭ᠎ᠠ ᠴᠢᠶᠤᠤ ᠶᠥᠨ ᠯᠢ᠂ ᠬᠤᠰᠢᠭᠤ ᠨᠠᠮ ᠤᠨ ᠬᠤᠷᠢᠶᠠᠨ ᠤ ᠲᠡᠳ᠋ ᠱᠥᠵᠢ᠂ ᠤᠯᠤᠰ ᠲᠥᠷᠥ ᠬᠠᠤᠯᠢ ᠴᠠᠭᠠᠵᠠ ᠶᠢᠨ ᠬᠤᠷᠢᠶᠠᠨ ᠤ ᠱᠥᠵᠢ ᠰᠤᠷᠭᠠᠯᠳᠤ᠂ ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠵᠤᠭᠢᠶᠠᠨ ᠪᠠᠶᠢᠭᠤᠯᠬᠤ ᠭᠡᠯᠳᠡᠰ ᠤᠨ ᠲᠠᠷᠤᠭ᠎ᠠ ᠸᠠᠩ ᠯᠢ ᠫᠢᠩ᠂ ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠨᠠᠮ ᠤᠨ ᠬᠤᠷᠢᠶᠠᠨ ᠤ ᠠᠯᠪᠠᠨ ᠭᠡᠷ ᠤᠨ ᠡᠷᠭᠢᠯᠡᠭᠴᠢ ᠵᠤᠤ ᠶᠥᠩ ᠹᠧᠩ᠂ ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠨᠢᠭᠡᠳᠤᠮᠠᠯ ᠹᠷᠤᠨᠲ ᠤᠨ ᠭᠡᠯᠳᠡᠰ ᠤᠨ ᠲᠠᠷᠤᠭ᠎ᠠ ᠠᠯᠳᠠᠠᠳᠤᠶᠠᠭ᠎ᠠ ᠵᠢᠴᠢ ᠬᠤᠰᠢᠭᠤ ᠤᠳᠤᠷᠢᠳᠤᠯᠭ᠎ᠠ ᠯᠢ ᠰᠢᠤ ᠹᠧᠩ᠂ ᠭᠤᠤ ᠬᠤ᠋᠂ ᠵᠸᠤ ᠱᠤᠸᠠᠢ᠂ ᠯᠸᠢ ᠬᠠᠰ᠂ ᠸᠠᠩ ᠭᠠᠩ ᠪᠤᠯᠤᠨ ᠡᠯ᠎ᠠ ᠰᠤᠮᠤ ᠪᠠᠯᠭᠠᠰᠤᠨ ᠤ ᠨᠠᠮ ᠤᠨ ᠬᠤᠷᠢᠶᠠᠨ ᠤ ᠱᠥᠵᠢ᠂ ᠬᠤᠰᠢᠭᠤ ᠨᠠᠶᠢᠭᠡᠮ ᠤᠨ ᠲᠠᠭᠠᠳᠬᠠᠯ ᠥᠢᠯᠡᠰ ᠤᠨ ᠬᠠᠮᠢᠶᠠᠷᠤᠯᠳᠠ ᠶᠢᠨ ᠲᠤᠪᠴᠢᠶ᠎ᠠ᠂ ᠶᠠᠳᠠᠭᠤ ᠶᠢ ᠲᠠᠳᠭᠦᠨ ᠨᠡᠭᠡᠭᠡᠯᠳᠠ ᠭᠢᠭᠦ ᠲᠥᠪ ᠵᠡᠷᠭᠡ ᠰᠠᠯᠠᠭ᠎ᠠ ᠮᠥᠴᠢᠷ ᠤᠨ ᠬᠠᠷᠢᠭᠤᠴᠠᠯᠭᠠᠳᠠᠨ ᠬᠤᠷᠠᠯ ᠳᠤ ᠤᠷᠤᠯᠴᠠᠪᠠ᠃      ᠬᠤᠷᠠᠯ ᠲᠡᠭᠡᠷ᠎ᠡ ᠵᠢᠷᠭᠠᠯᠳᠤ ᠵᠢᠭᠠᠵᠤ ᠭᠠᠷᠭᠠᠬᠤ ᠳᠤ ᠪᠠᠨ᠂ ᠶᠠᠳᠠᠭᠤ ᠠᠴᠠ ᠠᠩᠭᠢᠵᠢᠷᠠᠭᠤᠯᠤᠨ ᠪᠤᠭᠤᠮᠳᠠ ᠰᠢᠪᠳᠤᠯᠬᠤ ᠪᠤᠯ ᠨᠢᠭᠡ ᠲᠥᠷᠥᠯ ᠤᠨ ᠪᠥᠭᠦ ᠲᠠᠯ᠎ᠠ ᠲᠠᠢ ᠬᠤᠯᠪᠤᠭᠳᠠᠭᠰᠠᠨ ᠴᠢᠬᠤᠯᠠ ᠤᠯᠤᠰ ᠲᠥᠷᠥ ᠶᠢᠨ ᠡᠭᠦᠷᠭᠡ ᠪᠤᠯᠤᠨ᠎ᠠ᠂ ᠤᠳᠤᠬᠠᠨ ᠳᠤ᠂ ᠪᠥᠭᠦ ᠬᠤᠰᠢᠭᠤᠨ ᠤ ᠶᠠᠳᠠᠭᠤ ᠭᠥᠴᠢᠷᠳᠠᠯᠳᠠᠢ ᠡᠷᠤᠭᠡ ᠲᠤᠳᠤᠷ᠎ᠠ  ᠡᠪᠡᠳᠴᠢᠨ ᠠᠴᠠ ᠪᠤᠯᠵᠤ ᠶᠠᠳᠠᠭᠤᠷᠠᠭᠰᠠᠨ ᠪᠠ ᠡᠪᠡᠳᠴᠢᠨ ᠠᠴᠠ ᠪᠤᠯᠵᠤ ᠵᠢᠭᠡᠯᠡᠯᠭᠡ ᠠᠪᠬᠤ᠂ ᠲᠥᠷᠥᠯ ᠰᠠᠳᠤᠨ ᠠᠴᠠ ᠪᠠᠨ ᠵᠤᠭᠤᠰ ᠵᠢᠭᠡᠯᠡᠭᠦ᠂ ᠥᠨᠳᠤᠷ ᠭᠥᠤ ᠲᠠᠢ ᠵᠢᠭᠡᠯᠡᠯᠭᠡ ᠠᠪᠤᠭᠰᠠᠨ ᠠᠴᠠ ᠶᠠᠳᠠᠭᠤᠷᠠᠬᠤ᠂ ᠭᠠᠳᠠᠭᠠᠳᠤ ᠠᠴᠠ ᠤᠷᠤᠭᠤᠯᠤᠭᠰᠠᠨ ᠡᠮ ᠢ ᠲᠠᠩᠰᠠᠨ ᠠᠴᠠ ᠲᠠᠶᠢᠯᠵᠤ ᠲᠠᠶᠢᠯᠭᠦ ᠥᠭᠡᠢ᠂ ᠡᠮᠨᠡᠯᠭᠡ ᠶᠢᠨ ᠰᠥᠢᠳᠭᠡᠯ ᠢ ᠲᠠᠩᠰᠠᠨ ᠠᠴᠠ ᠲᠠᠶᠢᠯᠬᠤ ᠳᠤ ᠭᠥᠴᠢᠷ᠂ ᠲᠠᠩᠰᠠᠨ ᠠᠴᠠ ᠲᠠᠶᠢᠯᠬᠤ ᠬᠠᠷᠢᠴᠠᠯ ᠪᠠᠭ᠎ᠠ ᠵᠡᠷᠭᠡ ᠶᠢᠨ ᠠᠰᠠᠭᠤᠳᠠᠯ ᠠᠳᠠᠯᠢ ᠪᠤᠰᠤ ᠭᠡᠮᠵᠢᠶ᠎ᠠ ᠪᠠᠷ ᠤᠷᠤᠰᠢᠵᠤ᠂ ᠶᠠᠳᠠᠭᠤ ᠭᠥᠴᠢᠷᠳᠠᠯᠳᠠᠢ ᠡᠷᠤᠭᠡ ᠶᠢᠨ ᠶᠠᠳᠠᠭᠤ ᠠᠴᠠ ᠠᠩᠭᠢᠵᠢᠷᠠᠬᠤ ᠶᠢ ᠬᠠᠷᠰᠢᠯᠠᠵᠤ ᠪᠠᠶᠢᠨ᠎ᠠ᠃ ᠨᠠᠮ  ᠤᠨ ᠠᠷᠪᠠ ᠶᠢᠰᠤᠳᠤᠭᠡᠷ ᠶᠡᠭᠡ ᠬᠤᠷᠠᠯ᠂ ᠤᠨᠴᠠᠭᠠᠶᠢᠯᠠᠨ ᠠᠷᠪᠠᠨ ᠭᠤᠷᠪᠠᠳᠤᠭᠠᠷ ᠬᠤᠭᠤᠴᠠᠭᠠᠨ ᠤ ᠪᠥᠭᠦ ᠤᠯᠤᠰ  ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠳᠡᠭᠡᠷ᠎ᠡ ᠰᠢ ᠶᠢᠨ ᠫᠢᠩ ᠶᠡᠷᠤᠩᠭᠡᠢ ᠱᠥᠵᠢ ᠡᠷᠡᠭᠦᠯ ᠡᠩᠬᠡ ᠲᠤᠮᠳᠠᠳᠤ ᠤᠯᠤᠰ ᠢ ᠪᠥᠳᠥᠭᠡᠨ ᠪᠠᠶᠢᠭᠤᠯᠬᠤ ᠶᠢ ᠲᠤᠷᠠᠳᠤᠨ ᠭᠠᠷᠭᠠᠭᠰᠠᠨ ᠪᠠᠶᠢᠨ᠎ᠠ᠂ ᠤᠳᠤᠬᠠᠨ ᠳᠤ ᠡᠪᠡᠳᠴᠢᠨ  ᠠᠴᠠ ᠪᠤᠯᠵᠤ ᠶᠠᠳᠠᠭᠤᠷᠠᠬᠤ ᠶᠢ ᠰᠠᠷᠭᠡᠶᠢᠯᠠᠨ ᠰᠢᠢᠳᠪᠤᠷᠢᠯᠡᠬᠦ ᠳᠤ ᠵᠠᠪᠠᠯ ᠤᠷᠢᠳᠴᠢᠯᠠᠨ ᠰᠡᠷᠭᠡᠶᠢᠯᠡᠬᠦ ᠶᠢᠨ ᠬᠠᠮᠳᠤ ᠤᠷᠳᠤ ᠬᠤᠭᠤᠴᠠᠭᠠᠨ ᠤ ᠠᠪᠤᠷᠠᠨ ᠲᠤᠰᠠᠯᠠᠬᠤ ᠠᠷᠭ᠎ᠠ ᠭᠡᠯᠪᠠᠷᠢ ᠶᠢ ᠲᠤᠭᠳᠠᠭᠠᠨ ᠭᠠᠷᠭᠠᠬᠤ ᠪᠠ ᠪᠡᠯᠡ ᠮᠥᠩᠭᠦᠨ ᠤ ᠲᠠᠭᠠᠳᠬᠠᠯ ᠵᠡᠷᠭᠡ ᠶᠢᠨ ᠲᠥᠷᠢᠮ ᠢ ᠠᠰᠢᠭᠯᠠᠬᠤ ᠪᠠᠷ ᠲᠠᠮᠵᠢᠭᠤᠯᠤᠨ ᠡᠪᠡᠳᠴᠢᠨ ᠠᠴᠠ ᠪᠤᠯᠵᠤ ᠶᠠᠳᠠᠭᠤᠷᠠᠬᠤ ᠶᠢ ᠥᠨᠳᠤᠰᠤᠨ ᠠᠴᠠ ᠨᠢ ᠰᠢᠢᠳᠪᠤᠷᠢᠯᠡᠬᠦ ᠶᠢ ᠱᠠᠭᠠᠷᠳᠠᠭᠰᠠᠨ ᠪᠠᠶᠢᠨ᠎ᠠ ᠭᠡᠵᠡᠢ᠃      ᠵᠢᠷᠭᠠᠯᠳᠤ ᠱᠠᠭᠠᠷᠳᠠᠬᠤ ᠳᠤ ᠪᠠᠨ᠂ ᠡᠯ᠎ᠠ ᠭᠠᠵᠠᠷ ᠤᠷᠤᠨ ᠡᠯ᠎ᠠ ᠬᠤᠯᠪᠤᠭᠳᠠᠯ ᠪᠥᠭᠦᠢ ᠰᠠᠯᠠᠭ᠎ᠠ ᠮᠥᠴᠢᠷ᠂ ᠡᠯ᠎ᠠ ᠱᠠᠳᠤᠨ ᠤ ᠤᠳᠤᠷᠢᠳᠬᠤ ᠺᠠᠳ᠋ᠷᠴᠤᠳ ᠥᠵᠠᠯ ᠰᠠᠨᠠᠭ᠎ᠠ ᠲᠠᠨᠢᠯᠳᠠ ᠪᠤᠯᠤᠨ ᠤᠯᠤᠰ ᠲᠥᠷᠥ ᠶᠢᠨ ᠵᠤᠭᠰᠤᠴᠠ  ᠪᠠᠨ ᠤᠯᠠᠮ ᠨᠢᠭᠡ ᠠᠯᠬᠤᠮ ᠲᠡᠭᠡᠭᠰᠢᠯᠡᠭᠦᠯᠵᠤ᠂ ᠥᠪᠠᠷ ᠥᠪᠠᠷ ᠤᠨ ᠬᠠᠷᠢᠭᠤᠴᠠᠯᠭ᠎ᠠ ᠪᠠᠨ ᠭᠥᠢᠴᠡᠳᠭᠡᠵᠤ᠂ ᠶᠠᠳᠠᠭᠤ  ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠡᠯ᠎ᠠ ᠲᠥᠷᠥᠯ ᠤᠨ ᠠᠵᠢᠯ ᠢ ᠰᠠᠶᠢᠨ ᠭᠢᠵᠤ᠂ ᠶᠠᠳᠠᠭᠤ ᠠᠴᠠ ᠠᠩᠭᠢᠵᠢᠷᠠᠭᠤᠯᠬᠤ ᠠᠵᠢᠯ ᠤᠨ ᠪᠤᠳᠠᠳᠠᠢ᠂ ᠥᠷ᠎ᠠ ᠪᠥᠳᠥᠮᠵᠢ ᠨᠢ ᠰᠠᠶᠢᠨ ᠪᠠᠶᠢᠬᠤ ᠶᠢ ᠪᠠᠳᠤᠯᠠᠨ᠂ ᠲᠥᠪ᠂ ᠥᠪᠠᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠪᠤᠯᠤᠨ ᠪᠥᠭᠦ ᠬᠤᠳᠠ ᠶᠢᠨ ᠶᠠᠳᠠᠭᠤ ᠭᠥᠴᠢᠷᠳᠠᠯᠳᠠᠢ ᠤᠯᠠᠨ ᠲᠥᠮᠡᠨ ᠳᠤ ᠨᠢᠭᠡᠨ ᠬᠠᠨᠤᠮᠵᠢᠳᠠᠢ ᠬᠠᠷᠢᠭᠤᠯᠳᠠ ᠥᠭᠭᠦ ᠭᠡᠷᠡᠭᠳᠠᠢ ᠭᠡᠵᠡᠢ᠃      ᠬᠤᠷᠠᠯ ᠲᠡᠭᠡᠷ᠎ᠡ᠂ ᠭᠤᠤᠯᠳᠠᠭᠤ ᠶᠠᠳᠠᠭᠤ ᠭᠥᠴᠢᠷᠳᠠᠯᠳᠠᠢ ᠡᠷᠤᠭᠡ ᠶᠢᠨ ᠭᠥᠨᠳᠤ ᠡᠪᠡᠳᠴᠢᠨ ᠤ ᠡᠮᠨᠡᠯᠭᠡ ᠶᠢᠨ ᠰᠥᠢᠳᠭᠡᠯ ᠢ ᠲᠠᠩᠰᠠᠨ ᠠᠴᠠ ᠲᠠᠶᠢᠯᠬᠤ ᠠᠰᠠᠭᠤᠳᠠᠯ ᠪᠤᠯᠤᠨ ᠭᠠᠴᠠᠭ᠎ᠠ ᠲᠤᠰᠬᠤᠨ ᠳᠤ ᠰᠠᠭᠤᠷᠢᠰᠢᠭ᠎ᠠ ᠠᠵᠤ ᠠᠬᠤᠶᠢᠯᠠᠯ ᠤᠨ ᠭᠠᠴᠠᠭ᠎ᠠ ᠲᠤᠰᠬᠤᠨ ᠢ ᠲᠠᠭᠠᠭᠠᠴᠢᠯᠠᠨ ᠲᠠᠳᠭᠦᠨ ᠲᠠᠮᠵᠢᠭᠦ ᠠᠵᠢᠯ ᠤᠨ ᠲᠥᠰᠥᠯ ᠤᠨ ᠲᠤᠬᠠᠢ ᠰᠤᠳᠤᠯᠤᠨ ᠶᠠᠷᠢᠯᠴᠠᠭᠰᠠᠨ ᠪᠠᠶᠢᠨ᠎ᠠ᠃ ᠬᠤᠰᠢᠭᠤ ᠶᠠᠳᠠᠭᠤ ᠶᠢ ᠲᠠᠳᠭᠦᠨ ᠨᠡᠭᠡᠭᠡᠯᠳᠠ ᠭᠢᠭᠦ ᠠᠯᠪᠠᠨ ᠭᠡᠷ᠂ ᠡᠯ᠎ᠠ ᠰᠤᠮᠤ ᠪᠠᠯᠭᠠᠰᠤ᠂ ᠭᠡᠰᠡᠭ ᠭᠠᠴᠠᠭ᠎ᠠ ᠲᠤᠰᠬᠤᠨ ᠤ ᠬᠠᠷᠢᠭᠤᠴᠠᠯᠭᠠᠳᠠᠨ ᠥᠪᠠᠷ ᠥᠪᠠᠷ ᠤᠨ ᠢᠶᠠᠨ ᠠᠵᠢᠯ ᠤᠨ ᠲᠤᠭᠤᠷᠢᠨ ᠳᠤ ᠢᠯᠡᠳᠭᠡᠯ ᠭᠢᠪᠠ᠃ ᠡᠯ᠎ᠠ ᠬᠤᠷᠠᠯ ᠳᠤ ᠤᠷᠤᠯᠴᠠᠭᠰᠠᠨ ᠰᠢᠶᠠᠨ ᠤ ᠲᠠᠰ ᠤᠨ ᠤᠳᠤᠷᠢᠳᠤᠯᠭ᠎ᠠ ᠨᠠᠷ ᠰᠠᠨᠠᠯ ᠰᠠᠨᠠᠭᠤᠯᠭ᠎ᠠ ᠲᠤᠷᠠᠳᠤᠭᠰᠠᠨ ᠪᠠᠶᠢᠨ᠎ᠠ᠃      ᠬᠤᠷᠠᠯ ᠠᠴᠠ ᠵᠢᠭᠠᠬᠤ ᠭᠠᠷᠭᠠᠬᠤ ᠳᠤ ᠪᠠᠨ᠂ ᠡᠯ᠎ᠠ ᠬᠤᠯᠪᠤᠭᠳᠠᠯ ᠪᠥᠭᠦᠢ ᠰᠠᠯᠠᠭ᠎ᠠ ᠮᠥᠴᠢᠷ᠂ ᠶᠠᠳᠠᠭᠤ ᠭᠥᠴᠢᠷᠳᠠᠯᠳᠠᠢ ᠡᠷᠤᠭᠡ ᠶᠢᠨ ᠪᠠᠶᠢᠳᠠᠯ ᠢ ᠤᠶᠢᠯᠠᠭᠠᠨ ᠪᠠᠶᠢᠴᠠᠭᠠᠬᠤ ᠠᠵᠢᠯ ᠢ ᠰᠠᠶᠢᠨ ᠭᠢᠵᠤ᠂ ᠡᠯ᠎ᠠ ᠲᠥᠷᠥᠯ ᠤᠨ ᠪᠠᠲᠤᠯᠠᠭ᠎ᠠ ᠶᠢᠨ ᠠᠷᠭ᠎ᠠ ᠭᠡᠮᠵᠢᠶ᠎ᠠ ᠶᠢ ᠨᠠᠶᠢᠳᠠᠪᠤᠷᠢᠵᠢᠭᠤᠯᠤᠨ᠂ ᠲᠥᠷᠥ ᠶᠢᠨ ᠪᠤᠳᠤᠯᠭ᠎ᠠ ᠪᠠᠷ ᠲᠠᠳᠭᠦᠭᠦ᠂ ᠪᠠᠩᠭᠢ  ᠶᠢᠨ ᠭᠥᠤ ᠮᠥᠩᠭᠦ ᠶᠢ ᠥᠭᠡᠶᠢᠰᠭᠡᠭᠦ᠂ ᠪᠥᠭᠦ ᠨᠠᠶᠢᠭᠡᠮ ᠢᠶᠠᠷ ᠢᠶᠠᠨ ᠶᠠᠳᠠᠭᠤ ᠶᠢ ᠲᠠᠳᠭᠦᠭᠦ ᠵᠡᠷᠭᠡ ᠠᠷᠭ᠎ᠠ ᠭᠡᠯᠪᠠᠷᠢ  ᠪᠠᠷ ᠲᠠᠮᠵᠢᠭᠤᠯᠤᠨ ᠡᠪᠡᠳᠴᠢᠨ ᠠᠴᠠ ᠪᠤᠯᠵᠤ ᠶᠠᠳᠠᠭᠤᠷᠠᠭᠰᠠᠨ ᠭᠥᠴᠢᠷ ᠠᠰᠠᠭᠤᠳᠠᠯ ᠢ ᠰᠢᠢᠳᠪᠤᠷᠢᠯᠡᠬᠦ ᠭᠡᠷᠡᠭᠳᠠᠢ᠃ ᠠᠵᠤ ᠠᠬᠤᠶᠢᠯᠠᠯ ᠤᠨ ᠭᠠᠴᠠᠭ᠎ᠠ ᠲᠤᠰᠬᠤᠨ ᠢ ᠲᠠᠭᠠᠭᠠᠴᠢᠯᠠᠨ ᠲᠠᠳᠭᠦᠨ ᠲᠠᠮᠵᠢᠭᠦ ᠠᠵᠢᠯ ᠲᠡᠭᠡᠷ᠎ᠡ ᠭᠥᠴᠥᠯᠠᠨ᠂ ᠤᠷᠳᠤ ᠬᠤᠭᠤᠴᠠᠭᠠᠨ ᠤ ᠶᠠᠳᠠᠭᠤ ᠶᠢ ᠲᠠᠳᠭᠦᠭᠦ ᠲᠥᠯᠥᠪᠯᠡᠭᠡ ᠲᠤᠭᠳᠠᠭᠠᠨ᠂ ᠲᠤᠰᠬᠤᠨ ᠡᠷᠤᠭᠡ ᠭᠥᠮᠤᠨ ᠳᠤ ᠨᠢ ᠲᠤᠭᠢᠷᠠᠭᠤᠯᠤᠨ ᠠᠵᠤ ᠥᠢᠯᠡᠰ ᠤᠨ ᠭᠥᠭᠵᠢᠯᠳᠠ ᠶᠢᠨ ᠠᠷᠭ᠎ᠠ ᠭᠡᠮᠵᠢᠶ᠎ᠠ ᠲᠤᠭᠳᠠᠭᠠᠵᠤ᠂ ᠭᠥᠴᠢᠷᠳᠠᠯᠳᠠᠢ ᠤᠯᠠᠨ ᠲᠥᠮᠡᠨ ᠤ ᠲᠤᠭᠳᠠᠭᠤᠨ ᠢᠶᠠᠷ ᠶᠠᠳᠠᠭᠤ ᠠᠴᠠ ᠠᠩᠭᠢᠵᠢᠷᠠᠬᠤ ᠶᠢ ᠪᠠᠳᠤᠯᠠᠬᠤ ᠭᠡᠷᠡᠭᠳᠠᠢ᠃ ᠵᠡᠮᠳᠡᠭ ᠶᠠᠳᠠᠭᠤ ᠭᠥᠴᠢᠷᠳᠠᠯᠳᠠᠢ ᠡᠷᠤᠭᠡ ᠶᠢᠨ ᠤᠬᠠᠭᠤᠯᠭ᠎ᠠ ᠭᠥᠮᠤᠵᠢᠯ ᠤᠨ ᠠᠵᠢᠯ ᠢ ᠰᠠᠶᠢᠨ ᠭᠢᠵᠤ᠂ ᠲᠤᠳᠤᠭᠠᠳᠤ ᠠᠮᠢᠵᠢᠷᠠᠯ ᠤᠨ ᠭᠥᠴᠤᠨ ᠢ ᠪᠠᠳᠠᠷᠠᠭᠤᠯᠤᠨ᠂ ᠭᠡᠷ ᠪᠥᠯᠢ ᠶᠢ ᠲᠠᠳᠭᠦᠨ ᠲᠠᠮᠵᠢᠭᠦ ᠶᠢ ᠠᠭᠢᠭᠤᠯᠬᠤ ᠭᠡᠷᠡᠭᠳᠠᠢ ᠭᠡᠵᠡᠢ᠃
 
ᠢᠷᠡᠯᠲᠡ᠄ ᠥᠥᠰᠢᠨ ᠬᠤᠰᠢᠭᠤᠨ ᠤ ᠷᠠᠳᠢᠤ᠋ ᠲᠧᠯᠸᠢᠰ ᠦᠢᠯᠡᠴᠢᠯᠡᠭᠡᠨ ᠤ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号