5 ᠰᠠᠷ᠎ᠠ ᠶᠢᠨ 23 ᠳᠤ᠂ ᠬᠤᠰᠢᠭᠤ ᠢᠳᠡᠭᠡᠨ ᠣᠮᠳᠠᠭᠠᠨ ᠡᠮ ᠤᠨ ᠵᠦᠢᠯᠡᠰ ᠤᠨ ᠬᠢᠨᠠᠯᠲᠠ ᠬᠠᠮᠢᠶᠠᠷᠤᠯᠲᠠ | ᠶᠢᠨ ᠳᠣᠪᠴᠢᠶ᠎ᠠ ︽ᠳᠠᠪᠣᠨ ᠵᠢᠶᠣᠣ ᠶᠢᠨ ᠬᠢᠮᠳᠠ ᠢᠳᠡᠭᠡᠨ︾ ᠳᠤ ᠳᠣᠰᠬᠠᠢ ᠴᠡᠭᠴᠡᠯᠡᠯᠲᠡ ᠬᠢᠵᠦ᠂ ᠬᠤᠰᠢᠭᠤ | ᠨᠢᠬᠡᠳᠦᠬᠡᠷ ᠳᠣᠷᠰᠢᠯᠳᠠ ᠶᠢᠨ ᠪᠠᠭ᠎ᠠ ᠰᠣᠷᠭᠠᠭᠤᠯᠢ᠂ ᠬᠤᠶᠠᠳᠣᠭᠠᠷ ᠳᠣᠷᠰᠢᠯᠳᠠ ᠶᠢᠨ ᠪᠠᠭ᠎ᠠ ᠰᠣᠷᠭᠠᠭᠤᠯᠢ ᠶᠢᠨ | ᠣᠶᠢᠷ᠎ᠠ ᠬᠠᠪᠢ ᠶᠢᠨ ᠰᠣᠯᠠ ᠢᠳᠡᠭᠡᠨ ᠤ ᠳᠡᠯᠬᠡᠬᠦᠷ ᠪᠣᠯᠣᠨ ᠣᠷᠳᠣᠰ ᠬᠤᠳᠠ ᠶᠢᠨ ᠮᠣᠩᠭᠤᠯ ᠬᠤᠶᠠᠳᠣᠭᠠᠷ | ᠳᠣᠮᠳᠠᠳᠣ ᠰᠣᠷᠭᠠᠭᠤᠯᠢ ᠶᠢᠨ ᠬᠤᠭᠤᠯᠠᠨ ᠲᠢᠩᠬᠢᠮ ᠳᠤ ᠢᠳᠡᠭᠡᠨ ᠣᠮᠳᠠᠭᠠᠨ ᠤ ᠠᠶᠣᠯᠬᠦᠢ ᠶᠢᠨ ᠳᠣᠰᠬᠠᠢ ᠳᠦᠷᠦᠯ | ᠤᠨ ᠪᠠᠶᠢᠴᠠᠭᠠᠯᠳᠠ ᠬᠢᠪᠡ᠃ | ︽ᠳᠠᠪᠣᠨ ᠵᠢᠶᠣᠣ ᠶᠢᠨ ᠬᠢᠮᠳᠠ ᠢᠳᠡᠭᠡᠨ︾ ᠨᠢ ᠲᠠᠪᠤᠨ ᠵᠢᠶᠣᠣ ᠶᠢᠨ ᠣᠷᠴᠢᠮ ᠨᠢᠭᠡ ᠲᠦᠬᠦᠷᠢᠭ ᠠᠴᠠ | ᠬᠢᠮᠳᠠ ᠦᠨ᠎ᠡ ᠲᠠᠢ᠂ ᠢᠳᠡᠬᠡᠨ ᠤ ᠣᠯᠠᠩᠬᠢ ᠨᠢ ᠠᠮᠳᠠᠯᠢᠭ᠂ ᠱᠣᠷᠪᠣᠭᠯᠢᠭ ᠪᠠᠰᠠ ᠵᠢᠭᠠᠬᠠᠨ ᠭᠤᠱᠣᠭᠤᠨ ᠪᠠᠶᠢᠵᠤ | ᠪᠠᠭᠠᠴᠣᠳ ᠬᠡᠣᠬᠡᠳ᠂ ᠵᠠᠯᠠᠭᠤᠴᠣᠳ ᠢᠳᠡᠬᠦ ᠳᠣᠷᠡᠳᠡᠢ ᠪᠠᠶᠢᠳᠠᠭ᠃ ᠬᠡᠪᠡᠴᠦ ᠡᠳᠡᠭᠡᠷ ᠢᠳᠡᠭᠡᠨ ᠢ ᠦᠨᠳᠦᠷ | ᠳᠣᠯᠠᠭᠠᠨ᠂ ᠦᠨᠳᠦᠷ ᠳᠣᠰᠣᠨ ᠳᠤ ᠬᠢᠵᠦ ᠪᠠᠰᠠ ᠬᠡᠮᠵᠢᠶᠡᠨ ᠠᠴᠠ ᠪᠠᠨ ᠬᠡᠳᠦᠷᠡᠭᠰᠡᠨ ᠠᠮᠳᠠᠯᠠᠭᠤᠷ ᠪᠠ ᠢᠳᠡᠭᠡᠨ ᠤ | ᠨᠡᠮᠡᠯᠳᠡ ᠡᠳ᠋ ᠢ ᠬᠢᠵᠦ ᠪᠠᠶᠢᠨ᠎ᠠ᠃ ᠪᠠᠰᠠ ᠵᠠᠷᠢᠮ ᠨᠢ ᠬᠡᠷᠡᠭᠯᠡᠵᠦ ᠪᠣᠯᠳᠠᠭ ᠦᠬᠡᠢ ᠢᠳᠡᠭᠡᠨ ᠤ ᠨᠡᠮᠡᠯᠳᠡ ᠡᠳ᠋ ᠪᠣᠶᠣ | ᠠᠮᠳᠠᠯᠠᠭᠤᠷ ᠢ ᠬᠡᠷᠡᠭᠯᠡᠬᠦ ᠦᠵᠡᠭᠳᠡᠯ ᠭᠠᠷᠳᠠᠭ᠃ ᠲᠣᠰ ᠤᠳᠠᠭᠠᠨ ᠤ ᠠᠵᠢᠯᠯᠠᠭᠠᠨ ᠳᠤ᠂ ᠭᠤᠣᠯᠳᠠᠭᠤ ︽ᠳᠠᠪᠣᠨ | ᠵᠢᠶᠣᠣ ᠶᠢᠨ ᠬᠢᠮᠳᠠ ᠢᠳᠡᠭᠡᠨ︾ ᠳᠤ ᠳᠣᠰᠬᠠᠢ ᠴᠡᠭᠴᠡᠯᠡᠯᠲᠡ ᠬᠢᠵᠦ᠂ ᠰᠣᠷᠭᠠᠭᠤᠯᠢ ᠶᠢᠨ ᠣᠶᠢᠷ᠎ᠠ ᠬᠠᠪᠢ ᠶᠢᠨ | ᠰᠣᠯᠠ ᠢᠳᠡᠭᠡᠨ ᠤ ᠳᠡᠯᠬᠡᠬᠦᠷ ᠲᠤ ᠪᠠᠶᠢᠭ᠎ᠠ ︽ᠳᠠᠪᠣᠨ ᠵᠢᠶᠣᠣ ᠶᠢᠨ ᠰᠣᠯᠠ ᠢᠳᠡᠭᠡᠨ︾ ᠤ ᠢᠷᠡᠯᠳᠡ᠂ ᠬᠠᠣᠯᠢ ᠳᠤ | ᠨᠡᠶᠢᠴᠡᠭᠰᠡᠨ ᠡᠰᠡᠬᠦ᠂ ᠣᠷᠣᠭᠤᠯᠣᠭᠰᠠᠨ ᠦᠢᠯᠡᠳᠪᠦᠷᠢ᠂ ᠳᠠᠩᠰᠠ ᠪᠠᠷᠢᠮᠳᠠ᠂ ᠢᠳᠡᠭᠡᠨ ᠬᠠᠩᠭᠠᠭᠰᠠᠨ ᠲᠠᠯ᠎ᠠ ᠶᠢᠨ | ᠭᠠᠷ ᠬᠦᠢᠴᠡᠳᠭᠡᠯ ᠪᠦᠷᠢᠨ ᠡᠰᠡᠬᠦ ᠵᠡᠷᠭᠡ ᠶᠢ ᠨᠠᠷᠢᠨ ᠪᠠᠶᠢᠴᠠᠭᠠᠭᠰᠠᠨ ᠪᠦᠬᠡᠳ ᠠᠬᠤᠢ ᠲᠠᠯᠠᠪᠣᠷ ᠲᠤ ᠰᠢᠯᠭᠠᠨ | ᠪᠠᠶᠢᠴᠠᠭᠠᠬᠤ ᠪᠠᠷ ᠳᠠᠮᠵᠢᠨ ᠬᠢᠷᠢ ᠳᠡᠩᠴᠡᠭᠰᠡᠨ ᠡᠰᠡᠬᠦ ᠶᠢ ᠨᠣᠳᠠᠯᠠᠵᠣ᠂ ᠬᠢᠷᠢ ᠳᠡᠩᠴᠡᠭᠰᠡᠨ ᠦᠬᠡᠢ᠂ ᠭᠠᠷ | ᠬᠦᠢᠴᠡᠳᠬᠡᠯ ᠪᠦᠷᠢᠨ ᠪᠤᠰᠣ᠂ ᠬᠤᠭᠤᠴᠠᠭᠠᠨ ᠠᠴᠠ ᠪᠠᠨ ᠦᠩᠬᠡᠷᠡᠭᠰᠡᠨ ᠢᠳᠡᠭᠡᠨ ᠢ ᠬᠠᠮᠢᠶ᠎ᠠ ᠪᠦᠬᠦᠢ ᠳᠣᠭᠳᠠᠭᠠᠯ | ᠶᠣᠰᠣᠭᠠᠷ ᠪᠠᠷᠢᠨ ᠳᠣᠣᠷ᠎ᠠ ᠨᠢ ᠬᠤᠷᠢᠶᠠᠨ ᠠᠪᠴᠣ᠂ ᠳᠡᠯᠭᠡᠬᠦᠷ ᠤᠨ ᠡᠵᠡᠨ ᠢ ᠳᠣᠭᠳᠠᠭᠰᠠᠨ ᠬᠤᠭᠤᠴᠠᠭᠠᠨ ᠤ | ᠳᠣᠳᠣᠷ᠎ᠠ ᠴᠡᠭᠴᠡᠯᠡᠯᠳᠡ ᠬᠢᠬᠦ ᠶᠢ ᠱᠠᠭᠠᠷᠳᠠᠵᠣ᠂ ᠬᠡᠷᠡᠭᠯᠡᠭᠴᠢᠳ ᠤᠨ ᠠᠮᠣᠷ ᠲᠦᠪᠰᠢᠨ ᠢ ᠪᠠᠲᠤᠯᠠᠪᠠ᠃ | ᠠᠵᠢᠯᠯᠠᠭᠠᠨ ᠢᠶᠠᠷ᠂ ᠬᠤᠰᠢᠭᠤ ᠢᠳᠡᠭᠡᠨ ᠣᠮᠳᠠᠭᠠᠨ ᠡᠮ ᠤᠨ ᠵᠦᠢᠯᠡᠰ ᠤᠨ ᠬᠢᠨᠠᠯᠲᠠ ᠬᠠᠮᠢᠶᠠᠷᠤᠯᠲᠠ ᠶᠢᠨ | ᠳᠣᠪᠴᠢᠶᠠᠨ ᠤ ᠺᠠᠳ᠋ᠷ ᠠᠵᠢᠯᠳᠠᠳ ᠬᠤᠯᠪᠣᠭᠳᠠᠯ ᠪᠦᠬᠦᠢ ᠳᠡᠯᠬᠡᠬᠦᠷ ᠤᠨ ᠡᠵᠡᠩᠨᠡᠭᠴᠢᠳ ᠪᠠ ᠰᠣᠯᠠ ᠢᠳᠡᠭᠡᠨ | ᠬᠤᠳᠠᠯᠳᠣᠨ ᠠᠪᠬᠤ ᠪᠠᠷ ᠢᠷᠡᠭᠰᠡᠨ ᠬᠡᠣᠬᠡᠳ ᠪᠠᠭᠠᠴᠣᠳ ᠲᠤ ᠢᠳᠡᠬᠡᠨ ᠣᠮᠳᠠᠭᠠᠨ ᠤ ᠠᠶᠣᠯᠬᠦᠢ ᠶᠢᠨ ᠮᠡᠳᠡᠯᠭᠡ ᠶᠢᠨ | ᠳᠠᠶᠢᠯᠦᠮᠵᠢ ᠬᠢᠵᠦ᠂ ᠡᠳᠦᠷ ᠳᠣᠲᠣᠮ ᠢᠳᠡᠭᠡᠨ ᠠᠪᠬᠤ ᠳᠠᠭᠠᠨ ᠭᠠᠳᠠᠷ ᠪᠣᠭᠤᠯᠳᠠ ᠳᠤᠨᠢ ᠪᠢᠴᠢᠵᠦ ᠪᠠᠶᠢᠭ᠎ᠠ | ᠢᠳᠡᠭᠡᠨ ᠦᠢᠯᠡᠳᠪᠦᠷᠢᠯᠡᠭᠰᠡᠨ ᠭᠠᠵᠠᠷ᠂ ᠦᠢᠯᠡᠳᠪᠦᠷᠢᠯᠡᠭᠰᠡᠨ ᠪᠠᠶᠢᠭᠤᠯᠭ᠎ᠠ ᠨᠢᠭᠡᠴᠢ᠂ ᠶᠠᠮᠠᠷ ᠪᠦᠷᠢᠯᠳᠦᠬᠦᠨ ᠲᠠᠢ᠂ | ᠬᠡᠳᠦᠢ ᠬᠤᠭᠤᠴᠠᠭ᠎ᠠ ᠬᠠᠳᠠᠭᠠᠯᠠᠵᠣ ᠪᠣᠯᠳᠠᠭ ᠵᠡᠷᠭᠡ ᠰᠣᠷᠠᠭ ᠵᠠᠩᠭᠢ ᠶᠢ ᠰᠠᠶᠢᠳᠣᠷ ᠦᠵᠡᠵᠦ ᠢᠳᠡᠭᠡᠨ | ᠬᠤᠳᠠᠯᠳᠣᠭᠰᠠᠨ ᠫᠢᠶᠣᠣ ᠪᠠᠷᠢᠮᠳᠠ ᠶᠢ ᠠᠪᠴᠤ᠂ ᠬᠡᠷᠪᠡ ᠶᠠᠮᠠᠷ ᠣᠴᠢᠷ ᠭᠠᠷᠪᠠᠯ ᠫᠢᠶᠣᠣ ᠪᠠᠷᠢᠮᠳᠠ ᠪᠠᠷ ᠢᠶᠠᠨ | ᠡᠵᠡᠩᠨᠡᠭᠴᠢᠳ ᠢ ᠡᠷᠢᠬᠦ ᠪᠣᠶᠣ ᠬᠠᠮᠢᠶ᠎ᠠ ᠪᠦᠬᠦᠢ ᠪᠠᠶᠢᠭᠤᠯᠭ᠎ᠠ ᠨᠢᠭᠡᠴᠢ ᠳᠤ ᠢᠯᠡᠴᠢᠯᠡᠨ ᠵᠠᠭᠠᠯᠳᠣᠵᠣ ᠪᠣᠯᠬᠤ ᠶᠢ | ᠰᠠᠨᠠᠭᠤᠯᠤᠭᠰᠠᠨ ᠪᠠᠶᠢᠨ᠎ᠠ᠃ ᠣᠶᠢᠯᠠᠭᠠᠭᠰᠠᠨ ᠢᠶᠠᠷ ᠳᠣᠰ ᠣᠳᠠᠭᠠᠨ ᠤ ᠠᠵᠢᠯᠯᠠᠭ᠎ᠠ ᠨᠢ 6 ᠰᠠᠷ᠎ᠠ ᠶᠢᠨ 11 ᠤ | ᠡᠳᠦᠷ ᠪᠣᠯᠲᠠᠯ᠎ᠠ ᠶᠠᠪᠣᠭᠳᠠᠬᠤ ᠪᠠᠷ ᠪᠤᠢ᠃ |