ᠦᠢᠷ᠎ᠠ ᠶᠢᠨ ᠡᠳᠦᠷ᠂ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠣᠯᠣᠰ ᠤᠨ ᠰᠣᠶᠣᠯ ᠪᠠ | ᠵᠢᠭᠤᠯᠴᠢᠯᠠᠯ ᠤᠨ ᠶᠠᠮᠤᠨ ᠠᠴᠠ ᠵᠢᠷᠭᠤᠳᠣᠭᠠᠷ ᠣᠳᠠᠭᠠᠨ ᠤ ᠪᠦᠬᠦ ᠣᠯᠣᠰ ᠤᠨ ᠰᠢᠶᠡᠨ ᠤ ᠱᠠᠳᠣᠨ ᠠᠴᠠ | ᠳᠡᠭᠡᠭᠰᠢᠬᠢ ᠣᠯᠠᠨ ᠨᠡᠶᠢᠲᠡ ᠶᠢᠨ ᠨᠣᠮ ᠤᠨ ᠰᠠᠩ ᠢ ᠥᠨᠡᠯᠡᠨ ᠳᠡᠰ ᠳᠣᠭᠳᠠᠭᠠᠭᠰᠠᠨ ᠦᠷ᠎ᠡ ᠳ᠋ᠦᠩ ᠢ ᠨᠡᠶᠢᠲᠡᠯᠡᠪᠡ᠃ | ᠥᠨᠡᠯᠡᠯᠲᠡ ᠪᠠᠷ ᠳᠠᠮᠵᠢᠨ᠂ ᠦᠦᠰᠢᠨ ᠬᠤᠰᠢᠭᠤᠨ ᠤ ᠨᠣᠮ ᠤᠨ ᠰᠠᠩ ᠨᠢ ᠣᠯᠣᠰ ᠤᠨ ᠨᠢᠭᠡᠳᠦᠭᠡᠷ ᠳᠡᠰ ᠤᠨ | ᠨᠣᠮ ᠤᠨ ᠰᠠᠩ ᠢᠶᠠᠷ ᠳᠣᠭᠲᠠᠭᠠᠭᠳᠠᠪᠠ᠃ | ᠦᠦᠰᠢᠨ ᠬᠤᠰᠢᠭᠤᠨ ᠤ ᠨᠣᠮ ᠤᠨ ᠰᠠᠩ ᠨᠢ ᠶᠡᠷᠦᠩᠬᠡᠶᠢᠯᠡᠭᠰᠡᠨ ᠴᠢᠨᠠᠷᠲᠠᠢ ᠣᠯᠠᠨ ᠨᠡᠶᠢᠲᠡ ᠶᠢᠨ ᠨᠣᠮ ᠤᠨ | ᠰᠠᠩ ᠪᠠᠶᠢᠵᠣ᠂ ᠦᠦᠰᠢᠨ ᠬᠤᠰᠢᠭᠤᠨ ᠤ ᠭᠤᠣᠯ ᠪᠣᠯᠬᠤ ᠰᠣᠷᠪᠣᠯᠵᠢ ᠪᠢᠴᠢᠭ ᠤᠨ ᠴᠢᠮᠡᠭᠡ ᠵᠠᠩᠬᠢ ᠶᠢ ᠬᠤᠷᠢᠶᠠᠨ | ᠴᠣᠭᠯᠠᠭᠤᠯᠵᠤ ᠰᠣᠯᠢᠯᠴᠠᠭ᠎ᠠ ᠬᠢᠬᠦ ᠪᠠ ᠦᠢᠯᠡᠴᠢᠯᠡᠬᠦ ᠲᠥᠪ ᠪᠣᠯᠬᠤ ᠶᠤᠮ᠃ ᠨᠣᠮ ᠤᠨ ᠰᠠᠩ ᠤᠨ ᠶᠡᠷᠦᠩᠬᠡᠢ | ᠲᠠᠯᠠᠪᠡᠢ ᠨᠢ 5000㎡ ᠪᠠᠶᠢᠵᠤ᠂ ᠴᠢᠳᠠᠮᠵᠢ ᠪᠠ ᠲᠥᠬᠦᠭᠡᠷᠦᠮᠵᠢ ᠨᠢ ᠲᠡᠭᠦᠯᠳᠡᠷᠵᠢᠵᠦ᠂ ᠲᠦᠷᠦᠯ ᠵᠦᠢᠯ ᠨᠢ | ᠪᠦᠷᠢᠨ ᠪᠤᠢ᠃ ᠨᠣᠮ ᠤᠨ ᠰᠠᠩ ᠤᠨ ᠳᠣᠲᠣᠷ᠎ᠠ ᠨᠣᠮ ᠵᠢᠭᠡᠯᠡᠬᠦ ᠳᠠᠰᠤᠭ᠂ ᠰᠠᠭᠠᠳ ᠦᠭᠡᠢ ᠣᠩᠰᠢᠯᠭ᠎ᠠ ᠶᠢᠨ | ᠳᠠᠰᠤᠭ᠂ 24 ᠴᠠᠭ ᠤᠨ ᠠᠦ᠋ᠲ᠋ᠣ᠋ ᠨᠣᠮ ᠤᠨ ᠰᠠᠩ᠂ ᠨᠠᠰᠣᠨ ᠳᠤ ᠬᠦᠷᠦᠭᠰᠡᠳ ᠤᠨ ᠤᠩᠰᠢᠯᠭ᠎ᠠ ᠶᠢᠨ ᠳᠠᠰᠤᠭ᠂ | ᠨᠠᠰᠤᠨ ᠳᠤ ᠥᠯᠦ ᠬᠦᠷᠦᠭᠰᠡᠳ ᠤᠨ ᠣᠩᠰᠢᠯᠭ᠎ᠠ ᠶᠢᠨ ᠳᠠᠰᠤᠭ᠂ ᠮᠣᠩᠭᠤᠯ ᠬᠡᠯᠡᠨ ᠤ ᠨᠠᠰᠤᠨ ᠳᠤ ᠥᠯᠥ | ᠬᠦᠷᠦᠭᠰᠡᠳ ᠤᠨ ᠤᠩᠰᠢᠯᠭ᠎ᠠ ᠶᠢᠨ ᠳᠠᠰᠤᠭ᠂ ᠠᠪᠤ ᠡᠵᠢ ᠦᠷ᠎ᠡ ᠬᠡᠦᠭᠡᠳ ᠤᠨ ᠤᠩᠰᠢᠯᠭ᠎ᠠ ᠶᠢᠨ ᠳᠠᠰᠤᠭ᠂ ᠥᠪᠡᠷ | ᠲᠡᠭᠡᠨ ᠰᠣᠷᠣᠯᠴᠠᠬᠤ ᠳᠠᠰᠤᠭ᠂ ᠭᠠᠷ ᠮᠠᠲ᠋ᠧᠷᠢᠶᠠᠯ ᠤᠨ ᠨᠣᠮ ᠤᠨ ᠳᠠᠰᠤᠭ᠂ ᠬᠢᠲᠠᠳ ᠮᠣᠩᠭᠤᠯ ᠬᠡᠯᠡᠨ ᠤ | ᠳᠡᠪᠳᠡᠷᠯᠡᠭᠰᠡᠨ ᠰᠣᠨᠢᠨ ᠰᠡᠳᠬᠦᠯ ᠤᠩᠰᠢᠬᠤ ᠳᠠᠰᠤᠭ᠂ ᠣᠷᠣᠨ ᠨᠣᠲᠤᠭ ᠤᠨ ᠰᠣᠷᠪᠣᠯᠵᠢ ᠪᠢᠴᠢᠭ ᠤᠨ ᠳᠠᠰᠤᠭ᠂ | ᠡᠷᠲᠡᠨ ᠤ ᠨᠣᠮ ᠪᠢᠴᠢᠭ ᠤᠨ ᠳᠠᠰᠤᠭ᠂ ᠣᠷᠣᠨ ᠨᠣᠲᠤᠭ ᠤᠨ ᠰᠣᠷᠪᠣᠯᠵᠢ ᠪᠢᠴᠢᠭ ᠤᠨ ᠦᠵᠡᠭᠦᠯᠦᠯᠭᠡ ᠶᠢᠨ | ᠲᠢᠩᠬᠢᠮ᠂ ᠡᠯᠧᠺᠲᠷᠣᠨ ᠨᠣᠮ ᠤᠩᠰᠢᠬᠤ ᠳᠠᠰᠤᠭ ᠵᠡᠷᠭᠡ ᠬᠤᠷᠢᠭᠠᠳ ᠣᠯᠠᠨ ᠴᠢᠳᠠᠪᠬᠢᠲᠦ ᠳᠠᠰᠤᠭ ᠲᠠᠢ᠃ | ᠨᠣᠮ ᠤᠨ ᠰᠠᠩ ᠳᠤ ᠭᠦᠨ ᠤᠬᠠᠭᠠᠨ᠂ ᠬᠠᠣᠯᠢ ᠴᠠᠭᠠᠵᠠ᠂ ᠲᠡᠦᠬᠡ᠂ ᠭᠠᠵᠠᠷ ᠵᠦᠢ ᠵᠡᠷᠭᠡ ᠲᠦᠷᠦᠯ ᠤᠨ ᠨᠣᠮ 14 | ᠲᠦᠮᠡ ᠭᠠᠷᠣᠢ ᠳᠡᠪᠲᠡᠷ᠂ ᠡᠯᠧᠺᠲᠷᠣᠨ ᠨᠣᠮ ᠵᠢᠭᠡᠯᠡᠵᠦ ᠤᠩᠰᠢᠬᠤ ᠮᠠᠰᠢᠨ 5᠂ ᠰᠣᠨᠢᠨ ᠰᠡᠳᠬᠦᠯ 1000 | ᠢᠯᠡᠬᠦᠦ ᠲᠦᠷᠦᠯ ᠪᠠᠶᠢᠵᠤ᠂ ᠤᠩᠰᠢᠭᠴᠢᠳ ᠲᠤ ᠦᠢᠯᠡᠴᠢᠯᠡᠬᠦ ᠺᠣᠮᠫᠢᠦ᠋ᠲ᠋ᠧᠷ ᠢ 95 ᠬᠠᠩᠭᠠᠵᠤ ᠪᠠᠶᠢᠳᠠᠭ᠃ | ᠨᠣᠮ ᠤᠨ ᠰᠠᠩ ᠳᠤ ᠬᠠᠳᠠᠭᠠᠯᠠᠵᠤ ᠪᠠᠶᠢᠭ᠎ᠠ ᠨᠣᠮ ᠳᠡᠪᠲᠡᠷ ᠤᠨ ᠠᠭᠤᠯᠭ᠎ᠠ ᠪᠠᠶᠠᠯᠢᠭ᠂ ᠲᠥᠷᠥᠯ ᠵᠦᠢᠯ ᠨᠢ ᠣᠯᠠᠨ | ᠪᠠᠶᠢᠵᠤ᠂ ᠠᠦ᠋ᠲ᠋ᠣᠴᠢᠯᠠᠭᠰᠠᠨ ᠬᠠᠮᠢᠶᠠᠷᠤᠯᠲᠠ ᠶᠢ ᠪᠦᠬᠦ ᠲᠠᠯ᠎ᠠ ᠪᠠᠷ ᠬᠡᠷᠡᠭᠵᠢᠭᠦᠯᠪᠡ᠃ | |