ᠲᠦᠮᠡᠨ ᠮᠦ ᠶᠢᠨ ᠲᠦᠮᠦᠰᠦᠨ ᠲᠠᠷᠢᠶ᠎ᠠ
ᠨᠡᠶᠢᠲᠡᠯᠡᠭᠰᠡᠨ ᠴᠠᠭ᠄
2018-06-11
     ᠳᠡᠮᠴᠢ ᠶᠢᠨ ᠴᠠᠶᠢᠳᠠᠮ ᠳᠤ ᠪᠠᠲᠣᠨᠠᠰᠣᠨ 10 ᠵᠢᠯ ᠳᠠᠷᠠᠭᠠᠯᠠᠨ ᠲᠠᠷᠢᠶ᠎ᠠ ᠲᠠᠷᠢᠭᠠᠳ ᠥᠨᠦ ᠵᠢᠯ ᠥᠯᠡᠮᠵᠢ ᠠᠰᠢᠭ ᠣᠯᠬᠤ ᠭᠡᠷᠡᠯ ᠭᠡᠭᠡ ᠣᠯᠵᠤ ᠬᠠᠷᠠᠯ᠎ᠠ᠃ ᠬᠠᠮᠲᠣᠷᠠᠵᠤ ᠬᠤᠷᠰᠢᠬᠤ ᠵᠠᠮ ᠢ ᠡᠷᠢᠯᠬᠢᠯᠡᠵᠦ᠂ ᠲᠡᠭᠷᠢ ᠶᠢᠨ ᠴᠠᠭ᠂ ᠭᠠᠵᠠᠷ ᠤᠨ ᠬᠡᠰᠢᠭ᠂ ᠬᠦᠮᠦᠨ ᠤ ᠨᠠᠶᠢᠷᠠᠮᠳᠠᠭᠤ ᠶᠢ ᠡᠪᠯᠡᠬᠦᠯᠵᠦ ᠵᠣᠬᠢᠴᠠᠭᠤᠯᠵᠤ᠂ ᠰᠢᠷ᠎ᠠ ᠡᠳᠦᠷ ᠪᠣᠷᠣ ᠬᠤᠨᠤᠭ ᠢ ᠥᠩᠭᠡᠷᠡᠭᠡᠬᠦ ᠳᠡᠭᠡᠨ᠂ ᠣᠳᠣ ᠲᠣᠯᠭᠠᠷᠠᠭᠰᠠᠨ ᠤᠴᠢᠷ ᠪᠦᠬᠦᠨ ᠲᠡᠶᠢᠮᠦ ᠴᠦ ᠰᠡᠳᠬᠢᠯ ᠰᠢᠨᠠᠯᠭᠠᠮᠠᠷ ᠪᠢᠰᠢ ᠪᠠᠶᠢᠵᠤ᠂ ᠬᠡᠷᠡᠮ ᠤᠨ ᠰᠢᠷᠦᠢ ᠠᠪᠬᠤ ᠮᠡᠲᠦ ᠬᠢᠯᠪᠠᠷᠬᠠᠨ ᠰᠠᠨᠠᠭᠳᠠᠬᠤ ᠪᠣᠯᠵᠠᠢ᠃      ᠬᠠᠨ ᠠᠭᠤᠯᠠ ᠶᠢ ᠴᠠᠰᠤ ᠳᠠᠷᠤᠨ᠎ᠠ᠂ ᠬᠠᠶᠢᠷᠠᠨ ᠪᠡᠶ᠎ᠡ ᠶᠢ ᠨᠠᠰᠤ ᠳᠠᠷᠣᠨ᠎ᠠ ᠭᠡᠳᠡᠭ ᠢᠶᠠᠷ᠂ ᠪᠠᠲᠣᠨᠠᠰᠣᠨ ᠵᠢᠷᠠᠨ ᠲᠠᠪᠤ ᠬᠦᠷᠴᠦ᠂ ᠨᠠᠰᠣᠲᠠᠶᠢᠴᠣᠳ ᠤᠨ ᠡᠩᠨᠡᠭᠡᠨ ᠳᠤ ᠣᠷᠣᠭᠰᠠᠨ ᠭᠡᠯ᠎ᠡ ᠴᠦ ᠵᠠᠯᠠᠭᠤ ᠦᠶ᠎ᠡ ᠶᠢᠨ ᠴᠤᠭᠯᠢᠭ ᠵᠢᠪᠬᠤᠭ᠎ᠠ ᠨᠢ ᠲᠡᠷᠡ ᠬᠡᠪ ᠢᠶᠠᠷ ᠢᠶᠠᠨ ᠤᠨᠲᠠᠷᠠᠰᠢ ᠦᠭᠡᠢ ᠪᠠᠶᠢᠵᠤ᠂ ᠬᠡᠯᠡᠬᠦ ᠦᠭᠡ ᠪᠣᠯᠭᠠᠨ ᠨᠢ ᠶᠣᠰᠣᠯᠢᠭ᠂ ᠬᠢᠬᠦ ᠠᠵᠢᠯ ᠪᠣᠯᠭᠠᠨ ᠨᠢ ᠶᠠᠰᠤᠯᠢᠭ ᠰᠠᠨᠠᠭᠳᠠᠬᠤ ᠠᠵᠠᠢ᠃ ᠬᠡᠯᠡᠬᠦ ᠠᠴᠠ ᠰᠢᠨ᠎ᠡ ᠬᠠᠭᠤᠴᠢᠨ ᠤ ᠣᠯᠠᠷᠢᠯ᠂ ᠨᠢᠭᠤᠷ ᠵᠢᠰᠦᠨ  ᠤ ᠰᠣᠯᠢᠭᠳᠠᠯ᠂ ᠴᠠᠭ ᠲᠦᠷᠥ ᠶᠢᠨ ᠬᠤᠪᠢᠷᠠᠯ ᠢᠶᠠᠷ ᠳᠡᠮᠴᠢ ᠶᠢᠨ ᠲᠠᠯ᠎ᠠ ᠣᠬᠤᠷᠬᠠᠨ ᠭᠤᠴᠢᠨ ᠵᠢᠯ ᠤᠨ ᠬᠤᠭᠤᠴᠠᠭᠠᠨ ᠳᠤ ᠭᠤᠷᠪᠠ ᠣᠳᠠᠭᠠᠨ ᠤ ᠬᠤᠪᠢᠰᠤᠯᠲᠠ ᠶᠢ ᠥᠩᠭᠡᠷᠡᠭᠡᠵᠡᠢ᠃ ᠥᠩᠭᠡᠷᠡᠭᠰᠡᠨ ᠵᠠᠭᠤᠨ ᠤ ᠳᠠᠯᠠᠭᠠᠳ ᠣᠨ ᠳᠤ ᠮᠥᠷᠦ ᠪᠦᠲᠦᠨ ᠭᠡᠳᠡᠰᠦ ᠴᠠᠳᠬᠤᠯᠠᠩ ᠪᠣᠯᠬᠤ ᠨᠢ ᠬᠦᠮᠦᠨ ᠪᠦᠬᠦᠨ ᠤ ᠬᠦᠰᠡᠯ ᠬᠦᠭᠡᠭᠡᠴᠡᠯᠳᠦᠯ ᠪᠠᠶᠢᠵᠤ᠂ ᠳᠡᠮᠴᠢ ᠶᠢᠨ ᠴᠠᠶᠢᠳᠠᠮ ᠳᠤ ᠬᠠᠮᠲᠦ ᠶᠢᠨ ᠮᠠᠯ ᠰᠦᠷᠦᠭ ᠪᠡᠯᠴᠢᠵᠦ᠂ ᠬᠦᠪᠡᠭᠡ ᠵᠠᠬ᠎ᠠ ᠪᠠᠷ ᠨᠢ ᠮᠣᠩᠭᠤᠯ ᠠᠮᠤ ᠲᠠᠷᠢᠵᠤ᠂ ᠵᠢᠯ ᠤᠨ ᠰᠡᠬᠦᠯᠴᠢ ᠪᠣᠯᠬᠤ ᠳᠤ ᠰᠠᠭᠤᠯᠠᠭ᠎ᠠ ᠰᠠᠭᠤᠯᠠᠭ᠎ᠠ ᠪᠠᠷ ᠠᠮᠤ ᠬᠤᠪᠢᠶᠠᠳᠠᠭ ᠪᠠᠶᠢᠭᠰᠠᠨ ᠨᠢ ᠡᠨᠡ ᠨᠣᠲᠤᠭ ᠲᠤ ᠲᠠᠷᠢᠶ᠎ᠠ ᠰᠠᠶᠢᠨ ᠲᠥᠷᠦᠳᠡᠭ ᠤᠨ ᠢᠮ ᠲᠡᠮᠲᠡᠭ᠃ ᠳᠡᠭᠡᠷ᠎ᠡ ᠵᠠᠭᠤᠨ ᠤ ᠨᠠᠶᠠᠭᠠᠳ ᠣᠨ ᠠᠴᠠ ᠡᠬᠢᠯᠡᠨ᠂ ᠮᠠᠯᠵᠢᠬᠤ ᠤᠷᠤᠨ ᠳᠤ ᠬᠤᠣᠰ ᠳᠠᠭᠠᠭᠠᠴᠢᠯᠠᠯᠲᠠ ᠶᠢᠨ ᠳᠥᠷᠢᠮ ᠢ ᠬᠡᠷᠡᠭᠵᠢᠬᠦᠯᠵᠦ᠂ ᠳᠡᠮᠴᠢ ᠶᠢᠨ ᠴᠠᠶᠢᠳᠠᠮ ᠨᠢᠭᠡᠨ ᠦᠶ᠎ᠡ ᠬᠠᠷ᠎ᠠ ᠲᠡᠷᠢᠬᠦᠲᠡᠨ ᠳᠤ ᠬᠡᠰᠡᠭᠯᠡᠨ ᠬᠤᠪᠢᠶᠠᠭᠳᠠᠵᠤ᠂ ᠳᠠᠭᠠᠭᠠᠴᠢᠯᠠᠭᠰᠠᠨ ᠭᠠᠵᠠᠷ ᠢᠶᠠᠨ ᠮᠠᠯᠴᠢᠳ ᠲᠣᠣᠷᠯᠠᠨ ᠬᠦᠷᠢᠶᠡᠯᠡᠵᠦ ᠮᠠᠯ ᠤᠨᠤᠭ᠎ᠠ ᠪᠠᠨ ᠪᠡᠯᠴᠢᠭᠡᠷᠯᠡᠬᠦᠯᠵᠦ ᠪᠠᠶᠢᠭᠰᠠᠨ ᠪᠣᠶᠣ ᠬᠦᠷᠦᠰᠦ ᠰᠢᠷᠦᠢ ᠶᠢᠨ ᠨᠦᠬᠦᠴᠡᠯ ᠢᠶᠠᠨ ᠠᠰᠢᠭᠯᠠᠨ᠂ ᠲᠡᠭᠷᠢ ᠶᠢᠨ ᠴᠢᠷᠠᠢ ᠬᠠᠷᠠᠵᠤ᠂ ᠠᠳᠡ ᠲᠡᠨᠳᠡ ᠲᠠᠷᠠᠬᠠᠢ ᠪᠣᠲᠠᠷᠬᠠᠢ ᠪᠠᠷ ᠡᠷᠳᠡᠨᠢ ᠰᠢᠰᠢ ᠵᠡᠷᠭᠡ ᠮᠠᠯ ᠤᠨ ᠡᠪᠡᠰᠦ ᠪᠣᠷᠳᠤᠭ᠎ᠠ ᠪᠠᠨ ᠲᠠᠷᠢᠭᠰᠠᠭᠠᠷ ᠰᠢᠨ᠎ᠡ ᠵᠠᠭᠤᠨ ᠳᠤ ᠣᠷᠤᠵᠠᠢ᠃ 2007 ᠣᠨ ᠤ ᠬᠠᠪᠤᠷ ᠤᠨ ᠨᠢᠭᠡᠨ ᠡᠳᠦᠷ ᠂ ᠳᠡᠮᠴᠢ ᠶᠢᠨ ᠴᠠᠶᠢᠳᠠᠮ ᠳᠤ ᠲᠷᠠᠺᠲ᠋ᠣᠷ ᠤᠨ ᠳᠠᠭᠤᠨ ᠬᠦᠷᠴᠢᠬᠢᠨᠡᠵᠦ᠂ ᠬᠡᠯᠬᠢᠶᠡᠷᠡᠯᠳᠦᠨ ᠳᠠᠲᠠᠭᠰᠠᠨ ᠲᠣᠣᠷ ᠪᠤᠯᠠᠭ᠎ᠠ  ᠨᠢ ᠠᠷᠢᠯᠵᠤ᠂ ᠳᠠᠭᠠᠭᠠᠴᠢᠯᠠᠭᠰᠠᠨ ᠨᠣᠲᠤᠭ ᠤᠨ ᠡᠵᠡᠳ ᠬᠠᠮᠲᠤᠷᠠᠯ ᠬᠤᠷᠰᠢᠶᠠᠵᠢᠯ ᠤᠨ ᠶᠡᠭᠡ ᠠᠶᠠᠨ ᠳᠤ ᠣᠷᠣᠵᠣ᠂ ᠬᠡᠪᠴᠢᠶᠡᠭᠦᠯᠦᠨ ᠡᠵᠡᠩᠨᠡᠬᠦ ᠵᠠᠮ ᠢᠶᠠᠷ ᠵᠠᠮᠨᠠᠵᠤ᠂ ᠬᠤᠷᠰᠢᠶ᠎ᠠ ᠳᠤ ᠣᠷᠣᠭᠰᠠᠨ ᠮᠠᠯᠴᠢᠨ ᠲᠠᠷᠢᠶᠠᠴᠢᠳ ᠬᠤᠶᠢᠮᠦᠷ  ᠲᠠᠭᠠᠨ ᠰᠠᠭᠤᠭᠠᠳ ᠮᠥᠩᠬᠦ ᠬᠤᠷᠢᠶᠠᠬᠤ ᠪᠣᠯᠵᠠᠢ᠃ ᠡᠳᠡᠭᠡᠷ ᠪᠦᠬᠦᠨ ᠨᠢ ᠪᠠᠲᠣᠨᠠᠰᠣᠨ ᠤ ᠶᠠᠪᠤᠵᠤ ᠢᠷᠡᠭᠰᠡᠨ ᠵᠠᠮ ᠮᠦᠷ ᠲᠠᠢ ᠰᠢᠭᠤᠳ ᠬᠤᠯᠪᠤᠭ᠎ᠠ ᠲᠠᠢ ᠠᠵᠠᠢ᠃      ᠪᠠᠲᠣᠨᠠᠰᠣᠨ ᠪᠣᠯ ᠦᠦᠰᠢᠨ ᠬᠤᠰᠢᠭᠤᠨ ᠤ ᠱᠠᠷᠯᠢᠭ ᠰᠣᠮᠣᠨ ᠤ ᠴᠣᠣᠳᠠᠢ ᠭᠠᠴᠠᠭ᠎ᠠ ᠶᠢᠨ ᠮᠠᠯᠴᠢᠨ᠂ ᠴᠤᠤᠳᠠᠢ ᠮᠠᠯ ᠲᠠᠷᠢᠶᠠᠯᠠᠩ ᠤᠨ ᠲᠣᠰᠬᠠᠢ ᠬᠤᠷᠰᠢᠶ᠎ᠠ ᠶᠢᠨ ᠡᠷᠬᠢᠯᠡᠭᠴᠢ ᠪᠣᠯᠣᠨ᠎ᠠ᠃
     10 ᠭᠠᠷᠣᠢ ᠵᠢᠯ ᠤᠨ ᠡᠮᠦᠨ᠎ᠡ ᠪᠠᠲᠣᠨᠠᠰᠣᠨ ᠭᠠᠴᠠᠭᠠᠨ ᠤ ᠪᠠᠨ ᠨᠠᠮ ᠤᠨ ᠡᠭᠦᠷ ᠤᠨ ᠱᠦᠵᠢ ᠶᠢᠨ ᠳᠣᠰᠢᠶᠠᠯ ᠢ ᠬᠠᠷᠢᠭᠤᠴᠠᠵᠤ ᠶᠠᠪᠤᠬᠤ ᠳᠠᠭᠠᠨ᠂ ᠰᠦᠵᠧᠦ ᠬᠠᠩᠵᠧᠦ ᠵᠡᠷᠭᠡ ᠠᠵᠤ ᠠᠬᠤᠢ ᠬᠦᠭᠵᠢᠭᠰᠡᠨ ᠭᠠᠵᠠᠷ ᠤᠳ ᠢᠶᠠᠷ ᠬᠦᠷᠴᠦ᠂ ᠭᠢᠷᠢᠨ ᠯᠢᠶᠣᠣᠨᠢᠩ ᠵᠡᠷᠭᠡ ᠲᠠᠷᠢᠶᠠᠯᠠᠩ ᠬᠦᠭᠵᠢᠭᠰᠡᠨ ᠨᠣᠲᠤᠭ ᠢᠶᠠᠷ ᠠᠶᠢᠯᠴᠢᠯᠠᠨ ᠨᠢᠳᠦ ᠨᠡᠭᠡᠭᠡᠵᠦ ᠶᠠᠪᠤᠬᠤ ᠳᠠᠭᠠᠨ᠂ ᠭᠢᠷᠢᠨ ᠮᠤᠵᠢ ᠶᠢᠨ ᠰᠧ ᠫᠢᠩ ᠬᠤᠲᠠ ᠶᠢᠨ ᠨᠢᠭᠡᠨ ᠲᠠᠷᠢᠶᠠᠴᠢᠨ ᠪᠦᠰᠡᠬᠦᠢ ᠶᠢᠨ ᠭᠠᠭ᠋ᠠᠢ ᠲᠡᠵᠢᠭᠡᠭᠰᠡᠨ ᠥᠯᠢᠭᠡᠷ ᠥᠪᠡᠷ ᠤᠨ ᠡᠷᠬᠡ ᠦᠭᠡᠢ ᠰᠡᠳᠬᠢᠯ ᠢ ᠨᠢ ᠳᠠᠲᠠᠭᠰᠠᠨ ᠪᠠᠶᠢᠨ᠎ᠠ᠃ ᠭᠠᠭ᠋ᠠᠢ ᠲᠡᠵᠢᠭᠡᠬᠦ ᠬᠤᠷᠰᠢᠶ᠎ᠠ ᠪᠠᠶᠢᠭᠤᠯᠣᠭᠰᠠᠨ ᠲᠡᠷᠡᠬᠦ ᠪᠦᠰᠡᠬᠦᠢ ᠣᠬᠤᠷᠬᠠᠨ ᠬᠡᠳᠦᠨ ᠵᠢᠯ ᠤᠨ ᠬᠤᠭᠤᠴᠠᠭᠠᠨ ᠳᠤ ᠪᠦᠬᠦ ᠰᠢᠶᠡᠨ  ᠤ ᠪᠠᠨ ᠭᠠᠭ᠋ᠠᠢ ᠲᠡᠵᠢᠭᠡᠬᠦ ᠦᠢᠯᠡᠰ ᠢ ᠪᠦᠬᠦᠨ ᠢ ᠡᠵᠡᠮᠳᠡᠵᠦ᠂ ᠲᠠᠷᠠᠬᠠᠢ ᠪᠣᠲᠠᠷᠬᠠᠢ ᠪᠠᠷ ᠡᠵᠡᠩᠨᠡᠵᠦ ᠦᠨ᠎ᠡ ᠬᠠᠩᠰᠢ ᠳᠣᠣᠷ᠎ᠠ ᠪᠠᠶᠢᠭᠰᠠᠨ ᠪᠠᠶᠢᠳᠠᠯ ᠢ ᠪᠦᠷᠢᠮᠦᠰᠦᠨ ᠥᠭᠡᠷᠡᠴᠢᠯᠡᠵᠦ᠂ ᠬᠤᠷᠰᠢᠶ᠎ᠠ ᠶᠢᠨ ᠬᠡᠰᠢᠬᠦᠨ ᠪᠣᠯᠭᠠᠨ ᠳᠤ ᠪᠣᠳᠠᠲᠠᠢ ᠠᠰᠢᠭ ᠣᠷᠣᠯᠭ᠎ᠠ ᠠᠪᠴᠢᠷᠠᠵᠤ ᠥᠭᠬᠦᠭᠰᠡᠨ ᠢᠶᠠᠷ ᠭᠠᠭ᠋ᠠᠢ ᠲᠡᠵᠢᠬᠡᠬᠦ ᠡᠷᠦᠬᠡ ᠶᠢᠨ ᠢᠳᠡᠪᠬᠢᠵᠢᠯ ᠢ ᠳᠠᠶᠢᠴᠢᠯᠠᠭᠰᠠᠨ ᠪᠠᠶᠢᠨ᠎ᠠ᠃ ︽ᠭᠠᠭᠴᠠ ᠮᠣᠳᠣ ᠭᠠᠯ ᠪᠣᠯᠬᠤ ᠦᠭᠡᠢ ᠭᠠᠭᠴᠠ ᠬᠦᠮᠦᠨ ᠠᠶᠢᠯ ᠪᠣᠯᠬᠤ ᠦᠭᠡᠢ︾ ᠭᠡᠳᠡᠭ ᠵᠦᠢᠷ ᠦᠭᠡ ᠶᠢᠨ ᠵᠢᠩᠬᠢᠨᠢ ᠤᠳᠬ᠎ᠠ ᠶᠢ ᠪᠠᠲᠣᠨᠠᠰᠣᠨ ᠲᠡᠬᠦᠨ ᠠᠴᠠ ᠡᠬᠢᠯᠡᠨ ᠭᠦᠨ ᠣᠬᠠᠭᠠᠷᠠᠵᠤ᠂ ᠪᠦᠬᠦ ᠭᠠᠴᠠᠭᠠᠨ ᠤ 30 ᠲᠦᠮᠡᠨ ᠮᠦ ᠨᠣᠲᠤᠭ ᠪᠡᠯᠴᠢᠭᠡᠷ ᠤᠨ 3 ᠲᠦᠮᠡᠨ ᠮᠦ ᠶᠢ ᠨᠢ ᠲᠠᠷᠢᠶᠠᠯᠭᠩ ᠳᠡᠭᠡᠷ᠎ᠡ᠂ ᠲᠦᠮᠡᠨ ᠮᠦ ᠶᠢ ᠨᠢ ᠰᠠᠭᠤᠷᠢᠰᠢᠯ ᠪᠣᠶᠣ ᠲᠡᠵᠢᠭᠡᠪᠦᠷᠢ ᠶᠢᠨ ᠲᠠᠯᠠᠪᠡᠢ ᠶᠢᠨ ᠪᠠᠷᠢᠯᠭ᠎ᠠ ᠳᠡᠭᠡᠷ᠎ᠡ᠂ 10 ᠲᠦᠮᠡᠨ ᠮᠤ᠋ ᠨᠣᠲᠤᠭ ᠪᠡᠯᠴᠢᠭᠡᠷ ᠤᠨ ᠠᠮᠢ ᠠᠬᠤᠢ ᠶᠢ ᠰᠡᠷᠬᠦᠭᠡᠵᠦ᠂ 16 ᠲᠦᠮᠡᠨ ᠮᠦ ᠨᠤᠲᠤᠭ ᠪᠡᠯᠴᠢᠭᠡᠷ ᠢᠶᠠᠨ ᠪᠡᠯᠴᠢᠭᠡᠷᠯᠡᠬᠦᠯᠬᠦ ᠶᠢ ᠵᠣᠭᠰᠣᠭᠠᠨ  ᠰᠡᠯᠬᠦᠨ ᠮᠠᠯᠵᠢᠬᠤ ᠳᠡᠭᠡᠷ᠎ᠡ ᠬᠡᠷᠡᠭᠯᠡᠪᠡᠯ ᠪᠦᠬᠦ ᠭᠠᠴᠠᠭᠠᠨ ᠤ 280 ᠡᠷᠦᠬᠡ ᠪᠦᠬᠦᠨ ᠢᠶᠠᠷ ᠢᠶᠠᠨ ᠠᠰᠢᠭ ᠬᠦᠷᠲᠡᠨ᠎ᠡ ᠭᠡᠬᠦ ᠠᠤᠭ᠎ᠠ ᠲᠦᠰᠦᠪ ᠤᠭᠤᠷᠠᠭ ᠲᠠᠷᠢᠬᠢᠨ ᠳᠤᠨᠢ ᠤᠨᠳᠤᠷᠴᠦ ᠡᠬᠢᠯᠡᠵᠡᠢ᠃ ᠲᠡᠷᠡᠪᠡᠷ ᠰᠣᠷᠣᠯᠴᠠᠵᠤ ᠢᠷᠡᠭᠰᠡᠨ ᠦᠨᠡᠲᠦ ᠲᠣᠷᠰᠢᠯᠭ᠎ᠠ ᠪᠠᠨ ᠨᠣᠲᠤᠭ ᠤᠰᠤᠨ ᠳᠠᠭᠠᠨ ᠳᠡᠯᠭᠡᠷᠡᠬᠦᠯᠬᠦ ᠬᠡᠮᠡᠨ 2007 ᠣᠨ ᠠᠴᠠ ᠡᠬᠢᠯᠡᠨ᠂ ᠭᠠᠴᠠᠭᠠᠨ  ᠤ ᠮᠠᠯᠴᠢᠳ ᠠᠴᠠ ᠪᠠᠨ ᠭᠠᠵᠠᠷ ᠨᠤᠲᠤᠭ ᠲᠦᠷᠢᠶᠡᠰᠦᠯᠡᠨ ᠠᠪᠴᠦ᠂ 2008 ᠣᠨ ᠳᠤ ᠴᠤᠤᠲᠠᠢ ᠮᠠᠯ ᠲᠠᠷᠢᠶᠠᠯᠠᠩ ᠤᠨ ᠬᠤᠷᠰᠢᠶ᠎ᠠ ᠶᠢ ᠪᠠᠶᠢᠭᠤᠯᠣᠭᠰᠠᠨ ᠪᠠᠶᠢᠯ᠎ᠠ᠃ ᠭᠡᠰᠡᠨ ᠴᠦ ᠬᠢᠵᠦ ᠰᠡᠳᠬᠢᠭᠰᠡᠨ ᠪᠣᠯᠭᠠᠨ ᠬᠡᠯᠡᠵᠦ ᠪᠣᠳᠣᠭᠰᠠᠨ ᠢᠶᠠᠷ ᠪᠡᠶᠡᠯᠡᠭᠳᠡᠴᠢᠬᠡᠬᠦ ᠪᠢᠰᠢ᠂ ᠲᠣᠬᠠᠢ ᠶᠢᠨ ᠦᠶᠡᠰ ᠪᠦᠬᠦ ᠬᠤᠰᠢᠭᠤ ᠪᠠᠷ ᠢᠶᠠᠨ ᠮᠠᠯᠵᠢᠬᠤ ᠶᠢᠨ ᠲᠥᠯᠥᠭᠡ ᠲᠠᠷᠢᠵᠤ ᠪᠠᠶᠢᠬᠤ ᠲᠥᠷᠦ ᠶᠢᠨ ᠪᠣᠳᠣᠯᠭ᠎ᠠ ᠶᠢ ᠬᠡᠷᠡᠭᠵᠢᠬᠦᠯᠵᠦ᠂ ᠥᠭᠡᠷ᠎ᠡ ᠪᠠᠷ ᠬᠡᠯᠡᠪᠡᠯ ᠵᠦᠪᠬᠡᠨ ᠮᠠᠯ ᠤᠨ ᠪᠤᠷᠳᠤᠭ᠎ᠠ ᠪᠣᠯᠬᠤᠶᠢᠴᠠ ᠡᠷᠳᠡᠨᠢ ᠰᠢᠰᠢ᠂ ᠬᠤᠰᠢᠶᠠᠩᠭᠤᠷ ᠵᠡᠷᠭᠡ ᠶᠢ ᠲᠠᠷᠢᠬᠤ ᠶᠢ ᠵᠣᠷᠢᠭᠵᠢᠭᠤᠯᠵᠤ᠂ ᠠᠵᠤ ᠠᠬᠤᠢ ᠶᠢᠨ ᠲᠠᠷᠢᠮᠠᠯ ᠲᠠᠷᠢᠬᠤ ᠶᠢ ᠤᠭᠲᠤ ᠵᠥᠪᠰᠢᠶᠡᠷᠡᠬᠦ ᠦᠭᠡᠢ ᠪᠠᠶᠢᠭᠰᠠᠨ ᠠᠴᠠ ᠪᠠᠲᠣᠨᠠᠰᠣᠨ 4 ᠵᠢᠯ ᠳᠠᠷᠠᠭᠠᠯᠠᠨ ᠬᠤᠰᠢᠶᠠᠩᠭᠤᠷ ᠲᠠᠷᠢᠵᠤ ᠶᠡᠬᠡᠪᠡᠷ ᠮᠥᠩᠬᠦ ᠠᠯᠳᠠᠭᠰᠠᠨ ᠠᠴᠠ ᠥᠨᠳᠦᠷ ᠬᠦᠦ ᠲᠠᠢ ᠵᠢᠭᠡᠯᠡᠯᠭᠡ ᠶᠢᠨ ᠭᠦᠨ ᠨᠦᠭᠡᠨ ᠳᠤ ᠣᠨᠠᠵᠤ᠂ ᠬᠤᠷᠰᠢᠶ᠎ᠠ ᠶᠢᠨ ᠬᠡᠰᠢᠭᠦᠳ ᠤᠨ ᠢᠶᠠᠨ ᠲᠦᠷᠢᠶᠡᠰᠦᠨ ᠮᠥᠩᠬᠦ ᠶᠢ ᠥᠭᠬᠦ ᠳᠤ ᠴᠦ ᠲᠥᠪᠡᠭᠳᠡᠬᠦ ᠪᠣᠯᠵᠤ᠂ ᠣᠯᠠᠨᠳᠠ ᠬᠠᠮᠢᠶ᠎ᠠ ᠪᠦᠬᠦᠢ ᠪᠠᠶᠢᠭᠤᠯᠤᠭ᠎ᠠ ᠨᠢᠭᠡᠴᠡ ᠶᠢᠨ ᠬᠢᠨ ᠢ ᠡᠷᠢᠵᠦ ᠣᠨᠳᠤᠤ ᠲᠠᠷᠢᠮᠠᠯ ᠲᠠᠷᠢᠬᠤ ᠪᠠᠷ ᠭᠤᠶᠣᠴᠢᠯᠠᠭᠰᠠᠨ ᠴᠦ ᠲᠣᠰᠠ ᠪᠣᠯᠤᠭᠰᠠᠨ ᠦᠭᠡᠢ ᠪᠣᠯᠬᠤᠷ᠂ ᠳᠡᠭᠡᠳᠦ ᠱᠠᠳᠣᠨ ᠤ ᠳᠠᠷᠤᠭ᠎ᠠ ᠨᠣᠶᠠᠳ ᠲᠠᠢ ᠰᠢᠷᠡᠭᠡ ᠠᠯᠠᠭᠠᠳᠠᠬᠤ ᠬᠡᠮᠵᠢᠶᠡᠨ ᠳᠤ ᠬᠦᠷᠴᠦ᠂ ᠭᠡᠷ ᠤᠨ ᠬᠦᠮᠦᠰ ᠲᠠᠢ ᠪᠠᠨ ︽ᠵᠠᠭᠠᠭ ᠱᠤᠭᠤᠮ︾ ᠢᠯᠭᠠᠬᠤ ᠬᠦᠨᠳᠦ ᠪᠠᠶᠢᠳᠠᠯ ᠳᠤ ᠣᠷᠣᠵᠠᠢ᠃      ᠲᠡᠭᠷᠢ ᠲᠦᠮᠡᠨ ᠨᠢᠳᠦᠲᠡᠢ ᠬᠤᠶᠢᠨ᠎ᠠ᠂ ᠲᠦᠭᠡᠷᠢᠵᠦ ᠪᠦᠳᠦᠷᠢᠭᠰᠡᠨ ᠨᠢᠭᠡᠨ ᠢ ᠪᠠᠨ ᠠᠪᠤᠷᠠᠳᠠᠭ ᠯᠠ ᠪᠠᠶᠢᠯᠬᠦᠢ︕ 2012 ᠣᠨ ᠳᠤ 60 ᠭᠠᠷᠦᠢ ᠡᠷᠦᠬᠡ ᠲᠠᠢ ᠬᠤᠯᠪᠤᠭᠳᠠᠭᠰᠠᠨ ᠲᠡᠬᠦᠨ ᠤ ᠬᠤᠷᠰᠢᠶ᠎ᠠ ᠶᠢᠨ ᠠᠰᠠᠭᠤᠳᠠᠯ ᠢ ᠬᠤᠰᠢᠭᠤᠨ ᠠᠴᠠ ᠨᠢ ᠴᠢᠬᠤᠯᠠᠴᠢᠯᠠᠨ ᠦᠵᠡᠵᠦ᠂ ᠳᠣᠷᠤᠨᠠᠲᠦ ᠶᠢᠨ ᠵᠠᠮ ᠬᠦᠭᠦᠷᠭᠡ ᠪᠦᠯᠦᠭᠯᠡᠯ ᠢ ᠤᠷᠢᠨ ᠠᠪᠴᠢᠷᠠᠵᠠᠢ᠃ ᠡᠨᠡ ᠨᠢ ᠲᠡᠳᠡᠨᠦᠰ ᠲᠤ ᠡᠳ᠋ ᠤᠨ ᠰᠠᠬᠢᠭᠤᠯᠰᠣᠨ ᠵᠠᠯᠠᠵᠤ ᠠᠪᠴᠢᠷᠠᠭᠰᠠᠨ ᠤᠴᠢᠷ ᠮᠡᠲᠦ ᠪᠣᠯᠵᠤ᠂ ᠳᠠᠮᠴᠢ ᠶᠢᠨ ᠴᠠᠶᠢᠳᠠᠮ ᠳᠤ ᠲᠡᠷᠡ ᠬᠠᠪᠤᠷ ᠠᠴᠠ ᠡᠬᠢᠯᠡᠨ ᠲᠦᠮᠦᠰᠦ ᠲᠠᠷᠢᠵᠤ᠂ ᠢᠷᠡᠬᠦ ᠨᠠᠮᠦᠷ ᠨᠢ ᠡᠯᠪᠡᠭ ᠬᠤᠷᠢᠶᠠᠯᠲᠠ ᠣᠯᠵᠤ᠂ ᠲᠦᠮᠦᠰᠦᠨ ᠤ ᠦᠨ᠎ᠡ ᠥᠰᠦᠭᠰᠡᠨ ᠠᠴᠠ ᠪᠠᠲᠣᠨᠠᠰᠣᠨ ᠵᠢᠴᠢ ᠲᠡᠬᠦᠨ ᠤ ᠬᠤᠷᠰᠢᠶ᠎ᠠ ᠶᠢᠨ ᠬᠡᠰᠢᠭᠦᠳ ᠮᠥᠩᠬᠦ ᠵᠣᠭᠤᠰᠣᠨ ᠤ ᠲᠠᠯ᠎ᠠ ᠪᠠᠷ ᠭᠠᠴᠢᠭᠳᠠᠬᠤ ᠦᠭᠡᠢ ᠪᠣᠯᠵᠠᠢ᠃ ᠬᠦᠮᠦᠨ ᠤ ᠰᠠᠨᠠᠭ᠎ᠠ ᠦᠵᠦᠬᠦᠷ ᠦᠭᠡᠢ ᠭᠡᠳᠡᠭ ᠦᠭᠡ ᠣᠷᠣ ᠲᠠᠢ ᠪᠠᠶᠢᠵᠤ ᠲᠠᠭᠠᠷᠠᠨ᠎ᠠ᠃ 2003 ᠣᠨ ᠳᠤ ᠳᠡᠮᠴᠢ ᠶᠢᠨ ᠲᠠᠯ᠎ᠠ ᠶᠢᠨ ᠲᠦᠮᠦᠰᠦᠨ ᠲᠠᠷᠢᠶ᠎ᠠ ᠮᠦᠨ ᠡᠯᠪᠡᠭ ᠬᠤᠷᠢᠶᠠᠯᠲᠠ ᠤᠯᠤᠭᠰᠠᠨ ᠴᠦ ᠡᠵᠡᠩᠨᠡᠵᠦ ᠪᠠᠶᠢᠭ᠎ᠠ ᠺᠣᠮᠫᠠᠨᠢ ᠶᠢᠨ ᠬᠡᠳᠦᠨ ᠬᠦᠮᠦᠨ ᠨᠢ ᠨᠡᠩ ᠥᠨᠳᠦᠷ ᠦᠨ᠎ᠡ ᠳᠤ ᠬᠦᠷᠭᠡᠬᠦ ᠶᠢ ᠪᠣᠳᠣᠵᠣ ᠬᠦᠮᠦᠷᠭᠡ ᠳᠤ ᠳᠠᠷᠣᠵᠣ ᠲᠠᠯᠪᠢᠭᠰᠠᠨ ᠠᠴᠠ ᠲᠣᠷᠰᠢᠯᠭ᠎ᠠ ᠰᠣᠷᠭᠠᠮᠵᠢ ᠪᠠᠷᠤᠭᠲᠠᠢ ᠪᠠᠶᠢᠭᠰᠠᠨ ᠪᠣᠯᠬᠤᠷ ᠡᠪᠤᠯ ᠥᠩᠭᠡᠷᠡᠬᠦ ᠳᠤ ᠬᠠᠳᠠᠭᠠᠯᠠᠭᠰᠠᠨ ᠲᠦᠮᠦᠰᠦ ᠨᠢ ᠪᠦᠬᠦᠨ ᠢᠶᠠᠷ ᠢᠶᠠᠨ ᠢᠯᠵᠢᠷᠡᠭᠰᠡᠨ ᠠᠴᠠ ᠣᠯᠬᠤ ᠶᠣᠰᠣᠲᠠᠢ ᠮᠣᠨᠳᠠᠭ ᠬᠤᠨᠵᠢᠶ᠎ᠠ ᠮᠥᠩᠬᠦ ᠨᠢ ᠣᠷᠤᠨᠴᠤᠭ ᠲᠡᠳᠦᠢ ᠲᠦᠮᠦᠰᠦᠨ ᠤ ᠬᠠᠶᠠᠭᠳᠠᠮᠠᠯ ᠪᠣᠯᠵᠤ᠂ ᠠᠰᠢᠭ ᠣᠷᠣᠯᠭ᠎ᠠ᠂ ᠭᠠᠵᠠᠷ ᠰᠢᠷᠦᠢ ᠵᠡᠷᠭᠡ ᠣᠯᠠᠨ ᠰᠢᠯᠲᠠᠭᠠᠨ ᠠᠴᠠ ᠪᠣᠯᠵᠤ ᠮᠦᠨ ᠵᠢᠯ ᠨᠢ ᠳᠣᠷᠣᠨᠠᠲᠦ ᠶᠢᠨ ᠵᠠᠮ ᠬᠦᠭᠦᠷᠭᠡ ᠪᠦᠯᠦᠭᠯᠡᠯ ᠠᠳᠡ ᠠᠴᠠ ᠤᠬᠤᠷᠢᠨ ᠭᠠᠷᠴᠠᠢ᠃ ᠭᠡᠲᠡᠯ᠎ᠡ ᠰᠠᠭᠠᠷ ᠲᠠᠢ ᠶᠠᠪᠤᠳᠠᠯ ᠨᠢ ᠰᠠᠶᠢᠨ ᠣᠴᠢᠷ ᠪᠣᠯᠣᠨ᠎ᠠ ᠬᠡᠵᠦ ᠬᠡᠨ ᠮᠡᠳᠡᠵᠡᠮ᠂ ᠬᠡᠳᠦᠶᠢᠪᠡᠷ ᠲᠣᠮᠦ ᠺᠤᠮᠫᠠᠨᠢ ᠶᠢᠨ ᠳᠡᠮᠵᠢᠯᠭᠡ ᠦᠭᠡᠢ ᠪᠣᠯᠤᠭᠰᠠᠨ ᠪᠣᠯᠪᠠᠴᠦ ᠪᠠᠲᠣᠨᠠᠰᠣᠨ ᠵᠢᠴᠢ ᠲᠡᠬᠦᠨ ᠤ ᠬᠤᠷᠰᠢᠶ᠎ᠠ ᠨᠢ ᠡᠬᠦᠨ ᠠᠴᠠ ᠡᠬᠢᠯᠡᠨ ᠳᠡᠮᠴᠢ ᠶᠢᠨ ᠴᠠᠶᠢᠳᠠᠮ ᠳᠤ ᠠᠵᠤ ᠠᠬᠤᠢ ᠶᠢᠨ ᠲᠠᠷᠢᠮᠠᠯ ᠲᠠᠷᠢᠵᠤ ᠪᠣᠯᠬᠤ ᠪᠦᠷᠢᠨ ᠵᠦᠪᠰᠢᠶᠡᠷᠡᠯ ᠢ ᠣᠯᠵᠤ᠂ ᠬᠡᠪᠴᠢᠶᠡᠵᠢᠬᠦᠯᠦᠨ ᠡᠵᠡᠩᠨᠡᠵᠦ ᠣᠷᠣᠯᠭ᠎ᠠ ᠣᠯᠬᠤ ᠵᠠᠮ ᠳᠤ ᠣᠷᠤᠵᠠᠢ᠃ ᠨᠢᠳᠤᠨᠤᠨ ᠠᠴᠠ ᠡᠬᠢᠯᠡᠨ ᠱᠠᠩᠬᠠᠢ ᠶᠢᠨ ᠪᠠᠢ ᠱᠢ ᠪᠦᠯᠦᠭᠯᠡᠯ ᠳᠡᠮᠴᠢ ᠶᠢᠨ ᠴᠠᠶᠢᠳᠠᠮ ᠳᠤ ︽ᠨᠣᠳᠣᠭᠯᠠᠵᠤ︾᠂ ᠴᠣᠣᠳᠠᠢ ᠮᠠᠯ ᠲᠠᠷᠢᠶᠠᠯᠠᠩ ᠤᠨ ᠬᠤᠷᠰᠢᠶ᠎ᠠ ᠶᠢᠨ 10000 ᠭᠠᠷᠣᠢ ᠮᠦ ᠲᠠᠷᠢᠶᠠᠨ ᠭᠠᠵᠠᠷ ᠤᠨ ᠮᠦ ᠪᠦᠷᠢ ᠶᠢ 500 ᠲᠥᠭᠦᠷᠢᠭ ᠢᠶᠠᠷ ᠲᠦᠷᠢᠶᠡᠰᠦᠯᠡᠨ ᠠᠪᠴᠦ᠂ ᠶᠡᠬᠡᠪᠡᠷ ᠲᠥᠮᠦᠰᠦ ᠲᠠᠷᠢᠵᠤ ᠡᠬᠢᠯᠡᠨ᠂ 10 ᠭᠠᠷᠣᠢ ᠲᠠᠷᠢᠶᠠᠯᠠᠩ ᠤᠨ ᠮᠡᠷᠭᠡᠵᠢᠯᠲᠡᠨ ᠢᠶᠠᠨ ᠲᠣᠬᠠᠢ ᠶᠢᠨ ᠲᠠᠯᠠᠪᠤᠷ ᠲᠤ ᠠᠵᠢᠯᠯᠠᠭᠤᠯᠤᠨ᠂ ᠲᠠᠷᠢᠵᠤ ᠪᠣᠷᠣᠯᠠᠭᠤᠯᠬᠤ ᠣᠴᠢᠷ ᠢ ᠪᠦᠬᠦᠨ ᠢ ᠥᠪᠡᠷ ᠲᠡᠭᠡᠨ ᠬᠠᠷᠢᠭᠤᠴᠠᠬᠤ ᠪᠣᠯᠵᠠᠢ᠃ ᠢᠩᠬᠢᠭᠰᠡᠨ ᠢᠶᠠᠷ ᠪᠠᠲᠣᠨᠠᠰᠣᠨ ᠵᠦᠪᠬᠡᠨ ᠬᠤᠷᠰᠢᠶ᠎ᠠ ᠶᠢᠨ ᠭᠡᠰᠢᠬᠦᠳ ᠤᠨ ᠭᠠᠵᠠᠷ ᠲᠠᠷᠢᠶ᠎ᠠ ᠶᠢ ᠨᠢ ᠲᠥᠪᠯᠡᠷᠡᠬᠦᠯᠦᠨ ᠥᠭᠴᠦ᠂ ᠬᠤᠷᠰᠢᠶ᠎ᠠ ᠶᠢᠨ ᠬᠡᠰᠢᠭᠦᠳ ᠲᠠᠢ ᠵᠣᠬᠢᠴᠠᠭᠤᠯᠬᠤ᠂ ᠤᠰᠤ ᠴᠠᠬᠢᠯᠭᠠᠨ ᠢ ᠨᠢ ᠣᠶᠢᠷᠠᠲᠤᠭᠤᠯᠤᠨ ᠥᠭᠬᠦ ᠠᠵᠢᠯ ᠢ ᠯᠠ ᠬᠠᠷᠢᠭᠤᠴᠠᠬᠤ ᠪᠣᠯᠣᠭᠰᠠᠨ ᠢᠶᠠᠷ᠂ ᠬᠤᠷᠰᠢᠶ᠎ᠠ ᠶᠢᠨ 60 ᠭᠠᠷᠣᠢ ᠡᠷᠦᠬᠡ ᠭᠡᠷ ᠲᠡᠭᠡᠨ ᠰᠠᠭᠤᠭᠠᠳ ᠵᠢᠯ ᠪᠦᠷᠢ ᠳᠡᠭᠰᠢᠳᠬᠡᠭᠡᠳ 10 ᠭᠠᠷᠣᠢ ᠲᠦᠮᠡᠨ ᠲᠥᠭᠦᠷᠢᠭ ᠤᠨ ᠲᠦᠷᠢᠶᠡᠰᠦᠨ ᠮᠥᠩᠬᠦ ᠣᠯᠬᠤ  ᠪᠣᠯᠵᠤ᠂ ᠬᠦᠮᠦᠨ ᠪᠦᠷᠢ ᠳᠤ ᠠᠳᠠᠭ ᠲᠠᠭᠠᠨ 3 ᠲᠦᠮᠡᠨ ᠲᠥᠭᠦᠷᠢᠭ ᠨᠤᠭᠳᠠᠬᠤ ᠪᠣᠯᠵᠠᠢ᠃
     ᠶᠠᠪᠤᠵᠤ ᠢᠷᠡᠭᠰᠡᠨ ᠤᠯᠠ ᠮᠦᠷ ᠢᠶᠠᠨ ᠡᠷᠬᠢᠴᠡᠬᠦᠯᠦᠭᠰᠡᠭᠡᠷ ᠪᠠᠲᠣᠨᠠᠰᠣᠨ ᠥᠴᠦᠭᠡᠳᠦᠷᠭᠡᠨ ᠲᠠᠷᠢᠵᠤ ᠳᠠᠭᠤᠰᠬᠠᠭᠰᠠᠨ ᠲᠥᠮᠦᠰᠦᠨ ᠲᠠᠷᠢᠶ᠎ᠠ ᠪᠠᠨ ᠠᠵᠢᠶᠠᠷᠠᠯ᠎ᠠ᠃ ᠰᠢᠨᠡᠭᠡᠨ ᠲᠠᠷᠢᠭᠰᠠᠨ ᠲᠠᠷᠢᠶᠠᠨ ᠵᠣᠷᠬ᠎ᠠ ᠲᠡᠷᠳᠡᠭᠡ ᠠᠯᠣᠰ  ᠲᠤ ᠲᠤᠯᠲᠠᠯ᠎ᠠ ᠬᠠᠷᠠᠭ᠎ᠠ ᠠᠯᠳᠠᠮ᠎ᠠ ᠵᠤᠷᠠᠶᠢᠭᠠᠳ᠂ ᠰᠦᠷᠴᠢᠨ ᠤᠰᠤᠯᠠᠭᠤᠷ ᠤᠨ ᠬᠥᠩᠭᠡᠨ ᠡᠷᠬᠢᠯᠲᠡ ᠦᠶ᠎ᠡ ᠦᠶ᠎ᠡ ᠴᠢᠬᠢᠨ ᠳᠤ ᠠᠶᠠᠷᠬᠠᠨ ᠰᠣᠨᠣᠰᠳᠠᠵᠤ ᠴᠢᠬᠢᠭ ᠤᠨ ᠥᠨᠦᠷ ᠰᠡᠩᠬᠢᠨᠡᠬᠦᠯᠦᠨ᠎ᠡ᠃ ᠦᠳᠡ ᠶᠢᠨ ᠡᠮᠦᠨ᠎ᠡ ᠰᠢᠷᠬᠤᠰᠣᠨ ᠭᠤᠣᠯ ᠪᠠᠯᠭᠠᠰᠣᠨ ᠳᠤ ᠬᠦᠷᠴᠦ᠂ ᠴᠠᠬᠢᠯᠭᠠᠨ ᠬᠤᠪᠢᠰᠬᠠᠭᠤᠷ ᠰᠣᠯᠢᠵᠤ ᠠᠪᠴᠢᠷᠠᠬᠤ ᠭᠡᠰᠡᠨ ᠢᠶᠠᠨ ᠠᠷᠠᠢ ᠯᠠ ᠣᠰᠣᠯᠳᠤᠭᠤᠯᠬᠤ ᠰᠢᠬᠠᠯ᠎ᠠ᠂ ᠦᠳᠡ ᠶᠢᠨ ᠬᠤᠶᠢᠨ᠎ᠠ ᠬᠤᠰᠢᠭᠤᠨ ᠳᠡᠭᠡᠷ᠎ᠡ ᠮᠦᠨ ᠶᠠᠳᠠᠭᠤ ᠶᠢ ᠳᠡᠳᠬᠦᠬᠦ ᠠᠵᠢᠯ ᠤᠨ ᠲᠣᠬᠠᠢ ᠬᠤᠷᠠᠯ ᠳᠤ ᠣᠷᠣᠯᠴᠠᠨ᠎ᠠ ᠁ ᠳᠡᠭᠷᠢ ᠶᠢᠨ ᠴᠢᠷᠡᠢ ᠬᠠᠷᠠᠵᠤ ᠲᠠᠷᠢᠵᠤ ᠪᠠᠶᠢᠭᠰᠠᠨ ᠤᠯᠠᠮᠵᠢᠯᠠᠯᠲᠦ ᠲᠠᠷᠢᠶᠠᠯᠠᠩ ᠪᠠ ᠣᠰᠣᠯᠠᠵᠤ ᠪᠣᠷᠳᠣᠭᠤᠷ ᠣᠷᠣᠭᠤᠯᠬᠤ ᠠᠴᠠ ᠡᠬᠢᠯᠡᠭᠡᠳ ᠮᠠᠰᠢᠨᠴᠢᠯᠠᠯᠲᠠ ᠶᠢ ᠪᠡᠶᠡᠯᠡᠬᠦᠯᠵᠦ ᠶᠠᠪᠤᠴᠠ ᠪᠣᠯᠭᠠᠨ ᠳᠤᠨᠢ ᠲᠣᠰᠬᠠᠢ ᠮᠡᠷᠭᠡᠵᠢᠯᠲᠡᠨ ᠤ ᠬᠠᠷᠢᠭᠤᠴᠠᠯᠭ᠎ᠠ ᠲᠠᠢ ᠪᠣᠯᠣᠭᠰᠠᠨ ᠣᠳᠣ ᠦᠶ᠎ᠡ ᠶᠢᠨ ᠲᠠᠷᠢᠶᠠᠯᠠᠩ ᠢ ᠬᠠᠷᠢᠴᠠᠭᠤᠯᠣᠨ ᠪᠣᠳᠣᠬᠤ ᠠᠴᠠ ᠲᠡᠬᠦᠨ ᠤ ᠰᠡᠳᠬᠢᠯ ᠳᠤ ᠢᠷᠡᠬᠦ ᠨᠠᠮᠦᠷ ᠤᠨ ᠡᠯᠪᠡᠭ ᠬᠤᠷᠢᠶᠠᠯᠲᠠ ᠶᠢᠨ ᠳᠠᠭᠤᠨ ᠬᠠᠩᠬᠢᠨᠠᠬᠤ ᠰᠢᠭ᠋ ᠁      ᠳᠡᠮᠴᠢ ᠶᠢᠨ ᠴᠠᠶᠢᠳᠠᠮ ᠤᠨ ᠲᠡᠷᠡ ᠪᠦᠬᠦᠨ ᠲᠡᠩᠴᠡᠬᠦᠭᠡᠨ ᠵᠠᠰᠠᠯ ᠲᠠᠢ ᠪᠠᠶᠢᠳᠠᠭ 5 ᠰᠠᠷ᠎ᠠ ᠶᠢᠨ ᠳᠣᠮᠳᠠᠴᠢ᠃ ᠪᠠᠲᠣᠨᠠᠰᠣᠨ ᠤ ᠪᠠᠰᠠ ᠨᠢᠭᠡᠨ ᠲᠠᠷᠢᠶᠠᠯᠠᠩ ᠤᠨ ᠬᠠᠪᠤᠷ ᠢᠩᠬᠢᠵᠦ ᠡᠬᠢᠯᠡᠯ᠎ᠡ ᠁
 
ᠢᠷᠡᠯᠲᠡ᠄ ᠦᠪᠦᠷ ᠮᠣᠩᠭᠤᠯ ᠤᠨ ᠠᠮᠢᠳᠤᠷᠠᠯ ᠭᠠᠷᠠᠭ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号