ᠮᠠᠨ ᠤ ᠬᠤᠰᠢᠭᠤᠨ ᠤ ᠲᠣᠳᠣᠭᠠᠳᠣ ᠶᠢ ᠬᠠᠮᠠᠭᠠᠯᠠᠬᠤ ᠲᠣᠪᠴᠢᠶ᠎ᠠ ᠴᠠᠭᠳᠠᠭ᠎ᠠ ᠨᠠᠷ ᠢ ᠬᠠᠷᠠᠭᠠᠯᠵᠠᠬᠤ ᠠᠷᠭ᠎ᠠ | ᠪᠠᠷᠢᠯ ᠢ ᠨᠡᠩ ᠬᠦᠨᠵᠡᠬᠡᠢ ᠳᠣᠣᠱᠯᠠᠭᠤᠯᠣᠨ ᠨᠠᠶᠢᠳᠠᠪᠣᠷᠢᠵᠢᠭᠤᠯᠵᠣ᠂ ᠴᠠᠭᠳᠠᠭᠠᠨ ᠤ ᠰᠡᠳᠬᠢᠯ ᠤᠨ ᠲᠠᠷᠣᠭᠠᠰᠣ ᠶᠢ | ᠬᠦᠩᠭᠡᠯᠡᠨ᠂ ᠰᠡᠳᠬᠢᠴᠡ ᠶᠢᠨ ᠡᠷᠡᠭᠦᠯ ᠮᠡᠨᠳᠣ ᠶᠢ ᠬᠠᠮᠠᠭᠠᠯᠠᠬᠤ ᠶᠢᠨ ᠲᠦᠯᠦᠭᠡ ᠣᠯᠣᠰ ᠤᠨ ᠬᠤᠶᠠᠳᠣᠭᠠᠷ ᠲᠠᠰ ᠤᠨ | ᠰᠡᠳᠬᠢᠴᠡ ᠶᠢᠨ ᠵᠦᠪᠯᠡᠭᠴᠢ ᠯᠥᠸᠧ ᠶᠢᠩ ᠪᠠᠭᠰᠢ ᠶᠢ ᠲᠣᠰᠬᠠᠢ ᠣᠷᠢᠨ 6 ᠰᠠᠷ᠎ᠠ ᠶᠢᠨ 21 ᠤ ᠡᠳᠣᠷ ᠤᠨ | ᠦᠳᠡ ᠶᠢᠨ ᠡᠮᠦᠨ᠎ᠡ ︽ᠣᠷᠮ᠎ᠠ ᠰᠡᠳᠬᠢᠯᠭᠡ ᠶᠢᠨ ᠡᠵᠡᠮᠰᠢᠯ ᠪᠠ ᠰᠡᠳᠬᠢᠯ ᠤᠨ ᠲᠠᠷᠣᠭᠠᠰᠣ ᠪᠠᠨ ᠭᠡᠷᠬᠢᠨ | ᠪᠠᠭᠤᠷᠠᠭᠤᠯᠬᠤ ᠲᠣᠬᠠᠢ︾ ᠲᠣᠰᠬᠠᠢ ᠰᠡᠳᠦᠪᠳᠣ ᠬᠢᠴᠢᠶᠡᠯᠯᠡᠭᠡ ᠬᠢᠵᠣ᠂ 150 ᠭᠠᠷᠦᠢ ᠨᠠᠷᠠᠰ ᠴᠠᠭᠳᠠᠭ᠎ᠠ | ᠣᠷᠣᠯᠴᠠᠵᠠᠢ᠃ | ᠬᠢᠴᠢᠶᠡᠯᠯᠡᠭᠡ ᠳᠤ ᠯᠥᠸᠧ ᠶᠢᠩ ᠪᠠᠭᠰᠢ ᠣᠳᠣ ᠶᠢᠨ ᠴᠠᠭᠳᠠᠭ᠎ᠠ ᠶᠢᠨ ᠠᠵᠢᠯ ᠤᠨ ᠪᠣᠳᠠᠳᠣ ᠪᠠᠶᠢᠳᠠᠯ ᠲᠠᠢ | ᠣᠶᠠᠯᠳᠠᠭᠤᠯᠣᠨ ᠰᠡᠳᠬᠢᠴᠡ ᠵᠦᠢ ᠶᠢᠨ ᠡᠭᠦᠳᠡᠨ ᠠᠴᠠ ᠲᠠᠶᠢᠯᠪᠣᠷᠢ ᠬᠢᠵᠦ᠂ ᠣᠨᠣᠯ ᠪᠠ ᠪᠣᠳᠠᠳᠠᠢ ᠵᠢᠱᠢᠶ᠎ᠡ ᠦᠯᠢᠭᠡᠷ | ᠳᠤ ᠲᠠᠶᠢᠯᠪᠣᠷᠢ ᠬᠢᠬᠦ ᠠᠷᠭ᠎ᠠ ᠮᠠᠶ᠋ᠢᠭ ᠢᠶᠠᠷ ᠰᠡᠳᠬᠢᠯ ᠤᠨ ᠲᠠᠷᠣᠭᠠᠰᠣ ᠪᠠᠨ ᠭᠡᠷᠬᠢᠨ ᠬᠦᠩᠬᠡᠯᠡᠨ᠂ ᠵᠦᠪ ᠡᠨᠧᠷᠺᠢ | ᠲᠠᠢ ᠠᠵᠢᠯᠯᠠᠬᠤ ᠵᠡᠷᠭᠡ ᠣᠷᠮᠠᠰᠢᠯᠠᠭᠤᠯᠣᠯ ᠤᠨ ᠬᠢᠴᠢᠶᠡᠯᠯᠡᠭᠡ ᠬᠢᠵᠠᠢ᠃ ᠲᠣᠰ ᠣᠳᠠᠭᠠᠨ ᠤ ᠰᠣᠷᠣᠯᠴᠠᠯᠠᠭᠠ ᠪᠠᠷ | ᠲᠠᠮᠵᠢᠭᠠᠳ ᠮᠡᠨ ᠤ ᠴᠠᠭᠳᠠᠭ᠎ᠠ ᠨᠡᠷ ᠭᠡᠷᠬᠢᠨ ᠦᠪᠡᠰᠦᠪᠡᠨ ᠰᠡᠳᠬᠢᠯ ᠤᠨ ᠲᠠᠷᠣᠭᠠᠰᠣ ᠪᠠᠨ ᠬᠦᠩᠭᠡᠯᠡᠨ᠂ | ᠢᠳᠡᠪᠬᠢᠳᠠᠢ ᠡᠷᠡᠭᠦᠯ ᠰᠡᠳᠬᠢᠴᠠ ᠪᠠᠷ ᠠᠵᠢᠯᠯᠠᠵᠣ ᠠᠮᠢᠳᠣᠷᠠᠬᠤ ᠲᠣᠬᠠᠢ ᠵᠦᠪ ᠡᠨᠧᠷᠺᠢ ᠶᠢ ᠰᠣᠷᠣᠯᠴᠠᠨ ᠮᠡᠳᠡᠵᠦ᠂ | ᠬᠤᠶᠢᠰᠢᠳᠠ ᠶᠢᠨ ᠲᠣᠳᠣᠭᠠᠳᠣ ᠶᠢ ᠬᠠᠮᠠᠭᠠᠯᠠᠬᠤ ᠠᠵᠢᠯ ᠳᠤ ᠨᠡᠩ ᠢᠳᠡᠪᠬᠢᠳᠠᠢ ᠵᠦᠪ ᠰᠠᠶᠢᠨ ᠡᠨᠧᠷᠺᠢ ᠪᠠᠷ | ᠣᠷᠣᠯᠴᠠᠨ ᠠᠷᠠᠳ ᠲᠦᠮᠡᠨ ᠳᠤ ᠦᠢᠯᠡᠴᠢᠯᠡᠬᠦ ᠢᠳᠡᠪᠬᠢᠵᠢᠯ ᠢ ᠲᠠᠶᠢᠴᠢᠯᠠᠭᠰᠠᠨ ᠪᠠᠶᠢᠨ᠎ᠠ᠃ |