ᠦᠨᠳᠤᠰᠤᠨ ᠱᠠᠲᠤᠨ ᠳᠤ ᠪᠠᠳᠠᠷᠠᠭᠰᠠᠨ ᠵᠠᠯᠠᠭᠤ ᠨᠠᠰᠤᠨ ᠤ ᠭᠢᠯᠪᠠᠭ᠎ᠠ
ᠨᠡᠶᠢᠲᠡᠯᠡᠭᠰᠡᠨ ᠴᠠᠭ᠄
2018-06-25
    ᠦᠨᠳᠤᠷ ᠴᠠᠯᠢᠩ ᠣᠯᠭᠤᠮᠵᠢ ᠲᠠᠢ ᠠᠵᠢᠯ ᠤᠨ ᠭᠠᠷᠤᠭ᠎ᠠ ᠪᠠ ᠴᠢᠨᠡᠭᠡᠯᠢᠭᠬᠡᠨ ᠬᠤᠳᠠ ᠶᠢᠨ ᠠᠮᠢᠳᠤᠷᠠᠯ ᠨᠢ ᠣᠳᠤᠬᠠᠨ ᠤ ᠣᠯᠠᠩᠬᠢ ᠵᠠᠯᠠᠭᠤᠰ ᠤᠨ ᠠᠮᠢᠳᠤᠷᠠᠯ ᠤᠨ ᠬᠦᠬᠡᠬᠡᠴᠡᠯᠳᠤᠯ ᠪᠤᠯᠵᠦ ᠪᠠᠶᠢᠬᠤ ᠳᠤ᠂ ᠡᠨᠡᠬᠦ ᠪᠤᠯᠤᠮᠵᠢ ᠪᠠᠨ ᠡᠷᠡᠬᠡᠯᠵᠡᠯᠡᠯ ᠦᠭᠡᠢ ᠣᠷᠬᠢᠵᠦ᠂ ᠬᠦᠳᠡᠭᠡ ᠨᠤᠲᠤᠭ ᠤᠨ ᠪᠤᠷᠤ ᠲᠤᠭᠤᠰᠤᠨ ᠳᠤ  ᠪᠤᠯᠠᠭᠳᠠᠵᠦ᠂ ᠨᠤᠳᠤᠭ ᠨᠢᠭᠡᠳᠡᠳ  ᠢᠶᠠᠨ ᠡᠷᠳᠡ ᠨᠢᠬᠡᠨ ᠡᠳᠤᠷ ᠶᠠᠳᠠᠭᠤ ᠵᠥᠳᠡᠬᠦᠤ ᠠᠮᠢᠳᠤᠷᠠᠯ ᠠᠴᠠ ᠠᠩᠬᠢᠵᠢᠷᠠᠭᠤᠯᠬᠤ ᠪᠠᠷ ᠬᠠᠷᠠᠮ ᠦᠭᠡᠢ ᠵᠢᠳᠬᠦᠨ᠂ ᠵᠠᠯᠠᠭᠤ ᠨᠠᠰᠤᠨ ᠤ ᠡᠬᠦᠷᠬᠡ ᠬᠠᠷᠢᠴᠠᠭᠤᠯᠭ᠎ᠠ ᠪᠠ ᠬᠡᠷᠡᠯ ᠭᠢᠯᠪᠠᠭ᠎ᠠ ᠪᠠᠨ ᠪᠤᠰᠤᠳ ᠢ ᠬᠠᠪᠰᠤᠷᠬᠤ ᠶᠢᠨ ᠲᠥᠯᠦᠬᠡ ᠬᠦᠢᠴᠡᠳᠬᠡᠵᠦ ᠪᠠᠳᠠᠷᠠᠭᠤᠯᠤᠭᠰᠠᠨ ᠬᠦᠮᠤᠨ ᠨᠡᠩ ᠴᠤ ᠵᠤᠷᠢᠭᠵᠢᠭᠤᠰᠢᠳᠠᠢ ᠶᠤᠮ᠃ ᠡᠨᠡ ᠬᠦᠮᠦᠨ ᠪᠣᠯ ᠳᠠᠷᠦᠢ ᠦᠤᠰᠢᠨᠵᠤᠤ ᠪᠠᠯᠭᠠᠰᠤ ᠶᠢᠨ ᠪᠠᠶᠠᠠᠳᠤᠯᠤᠭᠠᠢ ᠭᠠᠴᠠᠭ᠎ᠠ ᠪᠠᠷ ᠨᠤᠲᠤᠭᠳᠠᠢ ᠮᠠᠯᠴᠢᠨ ᠦᠢᠯᠡᠰᠴᠢᠨ ᠲᠦᠬᠦᠷᠡᠩᠮᠠᠨᠳᠤᠯ᠎ᠠ ᠪᠢᠯᠡ᠃      ᠣᠷᠴᠢᠮ ᠤᠨ ᠡᠳᠤᠷ᠂ ᠲᠦᠬᠦᠷᠡᠩᠮᠠᠨᠳᠤᠯ᠎ᠠ ᠶᠢᠨ ᠰᠡᠳᠦᠨ ᠪᠠᠶᠢᠭᠤᠯᠤᠭᠰᠠᠨ ᠦᠤᠰᠢᠨ ᠬᠤᠰᠢᠭᠤᠨ ᠤ ︽ᠠᠬᠢᠳᠤ︾ ᠲᠠᠷᠢᠶᠠᠯᠠᠩ ᠤᠨ ᠮᠠᠰᠢᠨ ᠤ ᠲᠤᠰᠬᠠᠢ ᠬᠤᠷᠰᠢᠶᠠᠵᠢᠯ ᠤᠨ ᠬᠢᠨ ᠦᠤᠰᠢᠨᠵᠤᠤ ᠪᠠᠯᠭᠠᠰᠤᠨ ᠤ ᠪᠠᠶᠠᠨᠳᠤᠯᠤᠭᠠᠢ ᠭᠠᠴᠠᠭᠠᠨ ᠤ ᠶᠠᠳᠠᠭᠤ ᠬᠦᠴᠢᠷᠳᠡᠯᠳᠡᠢ ᠡᠷᠦᠬᠡ ᠤᠳ ᠤᠨ ᠲᠠᠷᠢᠶᠠᠨ ᠭᠠᠵᠠᠷ ᠲᠤ ᠦᠢᠯᠡᠴᠢᠯᠡᠬᠡᠳ ᠶᠠᠭᠠᠷᠠᠯᠳᠠᠶᠢᠬᠠᠨ ᠪᠠᠶᠢᠯ᠎ᠠ᠃ ᠮᠠᠯᠴᠢᠨ ᠲᠤᠷᠠᠰᠬᠠᠯᠴᠠᠴᠡᠭ ᠤᠨ ᠬᠢᠨ ᠪᠤᠯ ᠶᠠᠳᠠᠭᠤ ᠬᠦᠴᠢᠷᠳᠡᠯᠳᠡᠢ ᠡᠷᠦᠬᠡ ᠶᠢᠨ  ᠨᠢᠭᠡ ᠨᠢ ᠪᠠᠶᠢᠵᠦ᠂  ᠣᠣᠯ ᠳᠠᠭᠠᠨ ᠵᠢᠯ ᠪᠤᠯᠭᠠᠨ ᠤ ᠬᠠᠪᠤᠷ ᠤᠨ ᠳᠠᠷᠢᠶᠠᠯᠠᠯᠭ᠎ᠠ ᠶᠢᠨ ᠴᠠᠭ ᠬᠦᠷᠴᠦ ᠢᠷᠡᠬᠦ ᠪᠠᠷ ᠡᠳᠡᠨᠡᠶᠢᠬᠢᠨ ᠬᠦᠳᠡᠯᠮᠦᠷᠢ ᠬᠦᠴᠦᠨ ᠦᠭᠡᠢ ᠪᠤᠯᠬᠤᠷ᠂ 70 ᠭᠠᠷᠤᠢ ᠮᠤ᠋ ᠶᠢᠨ ᠲᠠᠷᠢᠶᠠᠨ ᠭᠠᠵᠠᠷ ᠢᠶᠠᠨ ᠲᠠᠷᠢᠬᠤ ᠳᠤ ᠪᠠᠭ᠎ᠠ ᠦᠭᠡᠢ ᠰᠠᠨᠠᠭ᠎ᠠ ᠪᠤᠯᠳᠠᠭ ᠪᠠᠶᠢᠵᠠᠢ᠃ ᠣᠳᠤ ᠬᠤᠷᠰᠢᠶᠠᠵᠢᠯ ᠤᠨ ᠬᠢᠨ ᠢᠷᠡᠵᠦ  ᠦᠢᠯᠡᠴᠢᠯᠡᠭᠰᠡᠨ ᠢᠶᠠᠷ ᠬᠡᠳᠤᠬᠡᠨ ᠴᠠᠭ ᠤᠨ ᠲᠤᠳᠤᠷ᠎ᠠ ᠲᠡᠬᠦᠨ ᠤ ᠬᠦᠴᠢᠷᠳᠡᠵᠦ ᠪᠠᠶᠢᠭᠰᠠᠨ ᠠᠰᠠᠭᠤᠳᠠᠯ ᠢ ᠰᠢᠢᠳᠪᠦᠷᠢᠯᠡᠵᠡᠢ᠃     ᠦᠨᠤ ᠵᠢᠯ ᠭᠤᠴᠢᠨ ᠵᠢᠷᠭᠤᠭᠠᠳᠠᠢ ᠲᠦᠬᠦᠷᠡᠩᠮᠡᠨᠳᠤᠯ᠎ᠠ᠂ 2015 ᠤᠨ ᠠᠴᠠ ᠡᠮᠤᠨᠡᠬᠢ ᠠᠷᠪᠢᠨ ᠵᠢᠯ ᠤᠨ ᠬᠤᠭᠤᠴᠠᠭᠠᠨ ᠳᠤ᠂ ᠬᠢᠶ᠎ᠠ ᠪᠠᠭᠰᠢ ᠲᠤᠭᠤᠷᠢᠭ ᠤᠨ ᠴᠠᠬᠢᠯᠭᠠᠨ ᠦᠢᠯᠡᠴᠢᠯᠡᠬᠡᠨ ᠤ ᠺᠤᠮᠫᠠᠨᠢ ᠶᠢᠨ ᠲᠡᠭᠡᠳᠤ ᠲᠡᠰ ᠤᠨ ᠮᠡᠷᠬᠡᠵᠢᠯᠳᠡᠨ ᠢᠶᠠᠷ ᠠᠵᠢᠯᠯᠠᠵᠦ᠂  ᠦᠨᠳᠤᠷ ᠴᠠᠯᠢᠩ ᠮᠥᠩᠬᠦ   ᠲᠠᠢ᠂  ᠬᠤᠳᠠ ᠶᠢᠨ ᠴᠢᠨᠡᠬᠡᠯᠢᠭ ᠠᠮᠢᠳᠤᠷᠠᠯ ᠢ ᠡᠳ᠋ᠯᠡᠬᠦ ᠪᠤᠯᠤᠮᠵᠢ ᠪᠦᠷᠢᠨ ᠪᠠᠶᠢᠭᠰᠠᠨ ᠴᠤ ᠠᠷᠤ ᠳᠤ ᠬᠤᠴᠤᠷᠠᠭᠰᠠᠨ ᠠᠪᠤ ᠡᠵᠢ ᠠᠬ᠎ᠠ ᠲᠡᠬᠦᠣ ᠰᠠᠳᠤᠨ᠂ ᠨᠤᠲᠤᠭ ᠨᠢᠬᠡᠳᠡᠳ ᠤᠨ ᠢᠶᠠᠨ ᠶᠠᠳᠠᠭᠤ ᠬᠤᠴᠤᠷᠠᠩᠭᠤᠢ ᠪᠠᠶᠢᠳᠠᠯ ᠳᠤ ᠰᠡᠳᠬᠢᠯ ᠪᠣᠯᠵᠣ᠂ ᠨᠤᠲᠤᠭ ᠲᠠᠭᠠᠨ ᠪᠤᠴᠠᠵᠦ ᠡᠨᠡᠬᠦ ᠪᠠᠶᠢᠳᠠᠯ ᠢ ᠦᠬᠡᠷᠡᠴᠢᠯᠡᠬᠦ ᠪᠠᠷ ᠵᠤᠷᠢᠭ  ᠰᠢᠭᠤᠣᠴᠣ 2015 ᠣᠨ ᠳᠤ ᠬᠠᠷᠢᠵᠦ ᠢᠷᠡᠭᠰᠡᠨ ᠤ ᠲᠠᠷᠠᠭ᠎ᠠ ᠨᠤᠲᠤᠭ  ᠤᠨ ᠳᠠᠷᠢᠶᠠᠯᠠᠩ ᠤᠨ ᠣᠶᠢᠯᠡᠰ ᠨᠢ ᠲᠦᠢᠯ ᠤᠨ ᠬᠤᠴᠤᠷᠠᠩᠭᠤᠢ᠂ ᠨᠥᠬᠦᠴᠡᠯ ᠪᠠᠷᠤᠭᠳᠠᠢ᠂ ᠪᠠᠰᠠ ᠨᠢᠭᠡ ᠨᠢ ᠬᠡᠪᠡᠯ ᠪᠦᠷ ᠨᠠᠰᠤᠳᠠᠶᠢᠴᠦᠳ ᠦᠯᠡᠳᠡᠭᠰᠡᠨ ᠪᠣᠯᠬᠤᠷ ᠳᠠᠷᠢᠵᠣ ᠬᠤᠷᠢᠶᠠᠬᠤ ᠳᠤ ᠲᠦᠢᠯ ᠤᠨ ᠬᠦᠴᠢᠷ ᠲᠠᠢ ᠪᠠᠶᠢᠳᠠᠯ ᠢ ᠰᠢᠢᠳᠪᠦᠷᠢᠯᠡᠬᠦ ᠪᠠᠷ 2016 ᠣᠨ ᠳᠤ ᠳᠣᠰ ᠬᠤᠷᠰᠢᠶᠠᠵᠢᠯ ᠢ ᠪᠠᠶᠢᠭᠤᠯᠤᠭᠰᠠᠨ ᠶᠤᠮ᠃      ︽ᠲᠥᠮᠡᠨ ᠠᠯᠬᠤᠮ ᠤᠨ ᠲᠦᠷᠦᠬᠦᠣ ᠠᠯᠬᠤᠮ ᠬᠦᠴᠢᠷ︾ ᠬᠡᠳᠡᠭ ᠢᠶᠠᠷ᠂ ᠲᠠᠷᠢᠶᠠᠯᠠᠩ ᠤᠨ ᠮᠠᠰᠢᠨ ᠤ ᠬᠤᠷᠰᠢᠶᠠᠵᠢᠯ ᠢ ᠪᠠᠶᠢᠭᠤᠯᠬᠤ ᠳᠤ ᠶᠠᠭᠤᠨ ᠤ ᠣᠷᠢᠳᠠ᠂  ᠣᠯᠠᠨ ᠲᠦᠷᠦᠯ ᠤᠨ ᠮᠠᠰᠢᠨ ᠲᠤᠨᠤᠭᠯᠠᠯ  ᠂  ᠲᠡᠷᠬᠡᠨ ᠬᠦᠮᠤᠷᠬᠡ ᠪᠠ ᠰᠠᠯᠪᠢᠨ ᠵᠠᠰᠠᠬᠤ ᠪᠠᠭᠠᠵᠢ ᠲᠥᠬᠦᠬᠡᠷᠤᠮᠵᠢ ᠵᠡᠷᠭᠡ ᠶᠢ  ᠪᠦᠷᠢᠯᠳᠦᠬᠦᠯᠬᠦ ᠳᠤ ᠪᠠᠭ᠎ᠠ ᠪᠤᠰᠤ ᠪᠡᠯᠡ ᠮᠥᠩᠬᠦ ᠬᠡᠷᠡᠭᠰᠡᠬᠦ ᠴᠢᠬᠤᠯᠠ ᠲᠠᠢ᠂ᠡᠨᠡ ᠨᠢ ᠲᠦᠬᠦᠷᠡᠩᠮᠠᠨᠳᠤᠯ᠎ᠠ ᠪᠠ ᠦᠬᠡᠷ᠎ᠡ ᠪᠤᠰᠤᠳ ᠠᠮᠢᠳᠤᠷᠠᠯ ᠨᠢ ᠬᠦᠴᠢᠷᠳᠡᠯᠳᠡᠢ ᠣᠯᠠᠨ ᠲᠥᠮᠡᠨ ᠤ ᠬᠤᠪᠢ ᠳᠤ  ᠴᠦᠮ ︽ᠰᠠᠨᠠᠭ᠎ᠠ ᠪᠠᠶᠢᠭ᠎ᠠ ᠣᠨᠠᠭ᠎ᠠ ᠬᠦᠷᠬᠦ ᠦᠭᠡᠢ︾ ᠪᠤᠯᠵᠠᠢ᠃ ᠶᠠᠭ ᠡᠨᠡᠬᠦ ᠦᠶ᠎ᠡ ᠳᠤ ᠡᠳᠡᠨ ᠤ ᠭᠠᠴᠠᠭ᠎ᠠ ᠶᠢ ᠲᠠᠭᠠᠭᠠᠴᠢᠯᠠᠨ ᠲᠡᠳᠬᠦᠵᠦ ᠪᠠᠶᠢᠭ᠎ᠠ‌ᠦᠤᠰᠢᠨ ᠬᠤᠰᠢᠭᠤᠨ ᠤ ᠰᠤᠶᠤᠯ  ᠤᠨ ᠲᠤᠪᠴᠢᠶ᠎ᠠ ᠶᠢᠨ ᠬᠢᠨ ᠡᠨᠡᠬᠦ ᠪᠠᠶᠢᠳᠠᠯ ᠢ ᠣᠯᠵᠦ ᠮᠡᠳᠡᠬᠡᠳ᠂ ᠠᠷᠭ᠎ᠠ ᠰᠦᠪᠡᠭᠴᠢᠯᠡᠨ ᠡᠨᠡᠬᠦ ᠬᠦᠴᠢᠷᠳᠡᠯ ᠢ ᠨᠢ ᠰᠢᠢᠳᠪᠦᠷᠢᠯᠡᠨ ᠦᠭᠴᠠᠢ᠃       ᠡᠨᠡᠬᠦ ᠲᠡᠮᠵᠢᠯᠬᠡ‌ᠨᠢ ᠲᠦᠬᠦᠷᠡᠩᠮᠠᠨᠳᠤᠯ᠎ᠠ ᠶᠢᠨ ᠬᠤᠷᠰᠢᠶᠠᠵᠢᠯ ᠳᠤ ᠶᠤᠰᠤᠳᠠᠢ ᠯᠡ  ︽ᠴᠠᠭ ᠤᠨ ᠬᠤᠷ᠎ᠠ︾  ᠨᠢ ᠪᠤᠯᠵᠦ᠂ ᠲᠠᠷᠢᠵᠦ ᠣᠷᠪᠠᠭᠤᠯᠬᠤ ᠠᠴᠠ ᠡᠬᠢᠯᠡᠨ ᠬᠠᠳᠤᠵᠦ  ᠬᠤᠷᠢᠶᠠᠨ ᠪᠤᠭᠤᠳᠠᠯᠯᠠᠬᠤ ᠬᠦᠷᠳᠡᠯᠡᠬᠢ ᠮᠠᠰᠢᠨ ᠲᠤᠨᠤᠭ ᠬᠢᠬᠡᠳ ᠰᠠᠷᠠᠭᠤᠯ  ᠠᠭᠤᠳᠠᠮ ᠲᠡᠷᠭᠡᠨ ᠬᠦᠮᠦᠷᠬᠡ ᠵᠡᠷᠭᠡ ᠶᠢ ᠢᠵᠢ ᠪᠦᠷᠢᠳᠦᠬᠦᠯᠦᠨ ᠦᠭᠴᠢ᠃ ᠡᠨᠡ ᠨᠢ ᠮᠥᠨ ᠴᠤ ᠬᠤᠷᠰᠢᠶᠠᠵᠢᠯ ᠤᠨ ᠬᠡᠰᠢᠬᠦᠳ ᠤᠨ ᠠᠵᠢᠯ ᠤᠨ ᠡᠷᠴᠢ ᠵᠤᠷᠢᠭ ᠢ ᠲᠠᠶᠢᠴᠢᠯᠠᠨ᠂ ᠦᠪᠡᠷ ᠤᠨ ᠬᠦᠴᠦ ᠢᠶᠠᠷ  ᠢᠶᠠᠨ ᠲᠡᠭᠵᠢᠷᠡᠵᠦ᠂ ᠰᠡᠳᠬᠢᠯ ᠨᠢᠬᠡᠳᠤᠨ ᠪᠦᠯᠬᠦᠮᠳᠡᠨ ᠨᠢᠭᠳᠠᠷᠠᠵᠦ ᠶᠠᠳᠠᠭᠤ ᠠᠴᠠ ᠠᠩᠬᠢᠵᠢᠷᠠᠬᠤ ᠢᠳᠡᠬᠡᠯ ᠬᠦᠰᠡᠯ ᠢ  ᠨᠢ ᠡᠷᠴᠢᠯᠡᠵᠡᠢ᠃ ᠣᠳᠤ ᠲᠤᠰ ᠬᠤᠷᠰᠢᠶᠠᠵᠢᠯ ᠳᠤ ᠨᠡᠶᠢᠳᠡ ᠲᠦᠴᠢ ᠭᠠᠷᠤᠢ ᠬᠡᠰᠢᠬᠦᠨ ᠡᠷᠤᠬᠡ ᠲᠠᠢ᠂ ᠡᠬᠦᠨ ᠳᠤ ᠬᠤᠷᠢ ᠭᠠᠷᠤᠢ ᠨᠢ ᠶᠠᠳᠠᠭᠤ ᠬᠦᠴᠢᠷᠳᠡᠯᠳᠡᠢ ᠡᠷᠤᠬᠡ ᠪᠠᠶᠢᠵᠦ᠂ ᠬᠤᠷᠰᠢᠵᠢᠶᠠᠯ ᠤᠨ ᠬᠢᠨ ᠵᠢᠯ ᠪᠦᠷᠢ ᠬᠡᠰᠢᠬᠦᠨ ᠡᠷᠤᠬᠡ ᠪᠠ ᠬᠡᠰᠢᠬᠦᠨ ᠪᠤᠰᠤ ᠡᠷᠤᠬᠡ ᠶᠢ ᠪᠠᠭᠳᠠᠭᠠᠭᠰᠠᠨ ᠨᠡᠶᠢᠳᠡ ᠭᠤᠴᠢ ᠭᠠᠷᠤᠢ ᠶᠠᠳᠠᠭᠤ ᠬᠦᠴᠢᠷᠳᠡᠯᠳᠡᠢ ᠡᠷᠤᠬᠡᠳ  ᠲᠤ  ᠲᠤᠰᠤᠨ ᠰᠦᠢᠳᠬᠡᠯ ᠢ ᠭᠠᠷᠭᠠᠪᠠᠯ᠂ ᠦᠨ᠎ᠡ ᠲᠦᠯᠦᠪᠦᠷᠢ ᠦᠭᠡᠢ ᠲᠠᠷᠢᠵᠦ ᠬᠤᠷᠢᠶᠠᠬᠤ ᠨᠢᠭᠡ ᠦᠷᠲᠡᠭᠡᠴᠢᠯᠡᠭᠰᠡᠨ ᠮᠠᠰᠢᠨᠴᠢᠯᠠᠯᠳᠠ ᠶᠢᠨ ᠦᠢᠯᠡᠴᠢᠯᠡᠭᠡ ᠬᠠᠩᠭᠠᠵᠦ ᠪᠠᠶᠢᠨ᠎ᠠ᠃      
 
ᠢᠷᠡᠯᠲᠡ᠄ ᠦᠣᠰᠢᠨ ᠬᠤᠰᠢᠭᠤᠨ ᠤ ᠷᠠᠳᠢᠤ᠋ ᠲᠧᠯᠸᠢᠰ ᠦᠢᠯᠡᠴᠢᠯᠡᠭᠡᠨ ᠤ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号