ᠵᠠᠯᠠᠭᠤ ᠱᠦᠵᠢ ᠶᠢᠨ ᠠᠷᠪᠠᠨ ᠵᠢᠯ ᠤᠨ ᠲᠡᠮᠡᠤᠯᠡᠯ
ᠨᠡᠶᠢᠲᠡᠯᠡᠭᠰᠡᠨ ᠴᠠᠭ᠄
2018-07-23
      ᠲᠡᠷᠡ 23 ᠨᠠᠰᠤᠨ ᠠᠴᠠ ᠤᠶᠤᠳᠠᠨ ᠲᠤᠰᠬᠤᠨ ᠤ ᠺᠠᠳ᠋ᠷ ᠤᠨ ᠲᠤᠰᠢᠶᠠᠯ ᠢ ᠡᠬᠦᠷᠬᠡᠯᠡᠨ ᠨᠤᠲᠤᠭ ᠣᠰᠤᠨ  ᠤ ᠪᠦᠲᠦᠭᠡᠨ ᠪᠠᠶᠢᠭᠤᠯᠤᠯᠳᠠ ᠪᠠ ᠶᠠᠳᠠᠭᠤ ᠵᠦᠳᠡᠬᠦᠤ ᠮᠠᠯᠴᠢᠨ ᠲᠥᠮᠡᠨ ᠤ ᠠᠮᠢᠳᠤᠷᠠᠯ ᠤᠨ ᠨᠥᠬᠦᠴᠡᠯ ᠢ ᠰᠠᠶᠢᠵᠢᠷᠠᠭᠤᠯᠬᠤ ᠳᠤ ᠠᠷᠭ᠎ᠠ ᠣᠬᠠᠭᠠᠨ ᠰᠣᠪᠢᠵᠦ᠂ ᠬᠦᠴᠦ ᠬᠦᠯᠦᠰᠤ ᠪᠠᠨ ᠣᠷᠤᠰᠬᠠᠨ ᠠᠵᠢᠯᠰᠠᠭ ᠲᠠᠷᠤᠤᠬᠠᠨ ᠵᠠᠩ ᠲᠠᠢ᠂ ᠠᠵᠢᠯ ᠤᠨ  ᠪᠠᠶᠢᠷᠢᠨ ᠳᠠᠭᠠᠨ  ᠬᠢᠴᠢᠶᠡᠩᠬᠦᠶᠢᠯᠡᠵᠦ ᠪᠠᠶᠢᠭ᠎ᠠ‌ᠵᠠᠯᠠᠭᠤ ᠱᠦᠵᠢ ᠡᠩᠬᠡᠰᠢᠳᠢ ᠣᠳᠤ ᠪᠤᠯᠬᠤ  ᠳᠤ ᠨᠢᠭᠡᠨᠳᠡ ᠮᠠᠯᠴᠢᠳ ᠤᠨ ᠲᠤᠮᠳᠠ ᠪᠠᠨ ᠢᠳᠡᠬᠡᠯ ᠬᠦᠷᠢᠶᠡᠯᠡᠯ   ᠲᠠᠢ ᠬᠠᠰᠢᠷ ᠱᠦᠵᠢ ᠪᠤᠯᠤᠭᠰᠠᠨ ᠢᠶᠠᠷ ᠪᠠᠷᠠᠬᠤ ᠦᠭᠡᠢ᠂ ᠨᠤᠲᠤᠭ ᠢᠶᠠᠨ ᠴᠢᠮᠡᠵᠦ ᠠᠷᠠᠳ ᠢᠶᠠᠨ ᠪᠠᠶᠠᠵᠢᠭᠤᠯᠤᠭᠰᠠᠨ ᠰᠠᠶᠢᠨ ᠪᠠᠶᠢᠳᠠᠯ ᠢ ᠪᠤᠢ ᠪᠤᠯᠭᠠᠵᠠᠢ᠃ ᠬᠡᠳᠤᠶᠢᠪᠡᠷ ᠡᠨᠡ ᠵᠢᠯ ᠰᠠᠶ᠋ᠢ ᠭᠤᠴᠢᠨ ᠭᠤᠷᠪᠠᠳᠠᠢ ᠶᠠᠪᠤᠭ᠎ᠠ ᠴᠤ ᠦᠤᠰᠢᠨ ᠬᠤᠰᠢᠭᠤᠨ ᠤ ᠰᠦᠯᠳᠡ ᠰᠤᠮᠤ ᠶᠢᠨ ᠴᠠᠮᠬᠠᠭ ᠭᠠᠴᠠᠭᠠᠨ ᠤ ᠠᠵᠢᠯ ᠢ ᠭᠠᠷᠳᠠᠭᠠᠳ ᠨᠢᠬᠡᠨᠳᠡ ᠠᠷᠪᠠᠳᠠᠬᠢ ᠵᠢᠯ ᠤᠨ ᠨᠢᠭᠤᠷ ᠢᠶᠠᠨ ᠦᠵᠡᠵᠦ ᠪᠤᠢ᠃ 2008 ᠣᠨ ᠳᠤ ᠲᠡᠷᠡ ᠶᠡᠭᠡ ᠰᠤᠷᠭᠠᠭᠤᠯᠢ ᠢᠶᠠᠨ ᠲᠡᠬᠦᠰᠬᠡᠬᠡᠳ ᠨᠤᠲᠤᠭ ᠲᠠᠭᠠᠨ ᠪᠤᠴᠠᠨ ᠣᠶᠤᠳᠠᠨ  ᠭᠠᠴᠠᠭ᠎ᠠ ᠲᠤᠰᠬᠤᠨ ᠤ ᠺᠠᠳ᠋ᠷ ᠤᠨ ᠠᠵᠢᠯ ᠢ ᠬᠢᠵᠦ ᠡᠬᠢᠯᠡᠭᠰᠡᠨ ᠶᠤᠮ᠃       ︽ᠶᠠᠳᠠᠷᠠᠵᠦ ᠵᠥᠳᠡᠷᠡᠭᠰᠡᠨ ᠮᠠᠯᠴᠢᠨ ᠲᠥᠮᠡᠨ ᠳᠡᠭᠡᠨ  ᠭᠠᠷᠬᠤ ᠵᠠᠮ ᠢ ᠨᠢ ᠣᠯᠵᠦ ᠦᠭᠬᠦ︾ ᠪᠤᠯ ᠡᠩᠬᠡᠰᠢᠳᠢ ᠶᠢᠨ ᠠᠵᠢᠯ ᠳᠤ ᠣᠷᠤᠭᠰᠠᠨ ᠠᠴᠠ ᠣᠳᠤ ᠪᠤᠯᠳᠠᠯᠠᠬᠢ ᠬᠤᠪᠢᠷᠠᠭ᠎ᠠ ᠦᠭᠡᠢ  ᠬᠦᠰᠡᠯ ᠲᠡᠮᠡᠤᠯᠡᠯ ᠮᠥᠷᠲᠡᠭᠡᠨ ᠦᠪᠡᠷ ᠤᠨ ᠪᠡᠶ᠎ᠡ ᠳᠡᠭᠡᠨ ᠲᠠᠯᠪᠢᠭᠰᠠᠨ ᠠᠮᠠᠯᠠᠯᠳᠠ ᠪᠤᠯᠤᠨ᠎ᠠ᠃ ᠲᠡᠷᠡ ᠮᠥᠨ ᠬᠦ ᠡᠨᠡᠬᠦ ᠬᠦᠰᠡᠯ ᠲᠡᠮᠡᠤᠯᠡᠯ  ᠢ ᠪᠤᠳᠠᠳᠣ ᠠᠵᠢᠯᠯᠠᠭ᠎ᠠ ᠪᠠᠷ ᠢᠶᠠᠨ ᠪᠡᠶᠡᠯᠡᠬᠦᠯᠵᠦ ᠢᠷᠡᠵᠠᠢ᠃ ᠴᠠᠮᠬᠠᠭ ᠭᠠᠴᠠᠭ᠎ᠠ ᠰᠢᠷᠬᠤᠰᠤᠨ ᠭᠤᠤᠯ ᠤᠨ ᠬᠦᠪᠡᠬᠡᠨ  ᠳᠤ ᠪᠠᠶᠢᠷᠢᠰᠢᠵᠦ᠂ ᠬᠦᠷᠦᠰᠤ ᠰᠢᠷᠤᠢ ᠦᠩ ᠰᠢᠮᠡᠯᠢᠭ  ᠮᠥᠷᠲᠡᠭᠡᠨ  ᠡᠷᠤᠬᠡ ᠪᠦᠷᠢ ᠶᠢᠨ ᠲᠡᠭᠰᠢᠳᠬᠡᠭᠰᠡᠨ ᠲᠠᠷᠢᠶᠠᠨ ᠭᠠᠵᠠᠷ ᠨᠢ 120 ᠭᠠᠷᠤᠢ ᠮᠤ᠋ ᠳᠤ ᠬᠦᠷᠴᠦ ᠪᠠᠶᠢᠳᠠᠭ᠃ ᠬᠡᠳᠤᠶᠢᠪᠡᠷ  ᠲᠠᠷᠢᠮᠠᠯ ᠤᠨ ᠲᠠᠯᠠᠪᠠᠢ ᠶᠡᠭᠡ ᠪᠤᠯᠪᠠᠴᠤ᠂ ᠲᠠᠷᠢᠮᠠᠯ ᠤᠨ ᠪᠦᠲᠦᠴᠡ ᠨᠢ ᠳ᠋ᠠᠩ ᠴᠤᠯᠭᠤᠢ᠂ ᠬᠦᠳᠡᠯᠮᠦᠷᠢ ᠬᠦᠴᠦᠨ ᠲᠤᠳᠠᠮᠠᠭ  ᠵᠡᠷᠭᠡ ᠠᠴᠠ ᠪᠤᠯᠵᠦ ᠮᠠᠯᠴᠢᠨ ᠲᠠᠷᠢᠶᠠᠴᠢᠳ ᠤᠨ ᠵᠠᠷᠤᠳᠠᠯ ᠨᠢ ᠶᠠᠪᠤᠬᠤ ᠲᠤᠳᠤᠮ ᠶᠡᠬᠡᠰᠴᠤ᠂ ᠣᠷᠤᠯᠭ᠎ᠠ ᠨᠢ  ᠬᠠᠷᠢᠨ ᠪᠠᠭᠠᠰᠴᠤ ᠪᠠᠶᠢᠵᠠᠢ᠃  ᠲᠤᠬᠠᠢ ᠶᠢᠨ ᠦᠶ᠎ᠡ ᠳᠤ ᠡᠨᠡᠬᠦ ᠪᠠᠶᠢᠳᠠᠯ ᠢ ᠦᠬᠡᠷᠡᠴᠢᠯᠡᠬᠦ ᠨᠢ ᠡᠩᠬᠡᠰᠢᠳᠢ ᠶᠢᠨ ᠬᠠᠮᠤᠭ ᠤᠨ  ᠲᠤᠯᠭᠠᠮ᠎ᠠ ᠠᠰᠠᠭᠤᠳᠠᠯ ᠪᠤᠯᠵᠠᠢ᠃       ᠨᠤᠲᠤᠭ ᠣᠰᠣᠨ ᠤ ᠪᠠᠨ ᠲᠠᠪᠠᠭᠤᠯᠢᠭ ᠪᠠᠶᠢᠭᠠᠯᠢ ᠶᠢᠨ ᠡᠬᠢ ᠪᠠᠶᠠᠯᠢᠭ ᠢ ᠬᠦᠢᠴᠡᠳ ᠠᠰᠢᠭᠯᠠᠵᠦ᠂ ᠲᠠᠷᠢᠮᠠᠯ  ᠤᠨ ᠪᠦᠲᠦᠴᠡ ᠳᠡᠭᠡᠨ ᠢᠳᠡᠪᠬᠢᠳᠠᠢ ᠲᠤᠬᠢᠷᠠᠭᠤᠯᠤᠯᠳᠠ ᠬᠢᠬᠦ ᠶᠢᠨ ᠲᠥᠯᠦᠬᠡ‌ᠡᠩᠬᠡᠰᠢᠳᠢ ᠣᠯᠠᠨ ᠠᠷᠪᠢᠨ ᠭᠠᠵᠠᠷ ᠢᠶᠠᠷ ᠪᠠᠶᠢᠴᠠᠭᠠᠨ ᠰᠤᠳᠤᠯᠤᠯᠳᠠ ᠬᠢᠵᠦ᠂ ᠦᠪᠡᠷ ᠤᠨ ᠪᠡᠶ᠎ᠡ ᠠᠴᠠ ᠲᠡᠷᠢᠬᠦᠯᠡᠨ ᠪᠤᠭᠤᠳᠠᠢ ᠪᠠ ᠲᠤᠯᠠᠭᠠᠨ ᠬᠦᠯᠡᠮᠵᠢ ᠶᠢᠨ ᠯᠠᠵᠤᠤ ᠶᠢ ᠲᠤᠷᠰᠢᠨ ᠲᠠᠷᠢᠵᠦ ᠠᠮᠵᠢᠯᠳᠠ ᠣᠯᠤᠭᠠᠳ ᠲᠠᠬᠢᠨ ᠭᠠᠴᠠᠭᠠᠨ ᠤ ᠪᠠᠨ ᠶᠠᠳᠠᠭᠤ ᠬᠦᠴᠢᠷᠳᠡᠯᠳᠡᠢ ᠡᠷᠤᠬᠡᠳ  ᠠᠴᠠ ᠡᠬᠢᠯᠡᠨ ᠲᠦᠬᠡᠮᠡᠯᠵᠢᠬᠦᠯᠵᠦ ᠡᠬᠢᠯᠡᠵᠡᠢ᠃        ᠴᠠᠮᠬᠠᠭ ᠭᠠᠴᠠᠭᠠᠨ ᠤ ᠶᠠᠳᠠᠭᠤ ᠬᠦᠴᠢᠷᠳᠡᠯᠳᠡᠢ ᠡᠷᠤᠬᠡ ᠮᠠᠯᠴᠢᠨ ᠲᠡᠮᠦᠷᠪᠠᠭᠠᠳᠤᠷ ᠪᠤᠯ ᠲᠠᠷᠤᠢ ᠡᠨᠡᠬᠦ ᠲᠠᠷᠢᠮᠠᠯ ᠤᠨ ᠪᠦᠲᠦᠴᠡ ᠶᠢᠨ ᠲᠤᠬᠢᠷᠠᠭᠤᠯᠤᠯᠳᠠ ᠶᠢᠨ ᠠᠰᠢᠭ ᠬᠦᠷᠳᠡᠭᠰᠡᠳ ᠤᠨ ᠨᠢᠭᠡ ᠨᠢ ᠪᠤᠯᠤᠨ᠎ᠠ᠂  ᠣᠳᠤ ᠲᠡᠷᠡ ᠵᠥᠪᠬᠡᠨ ᠵᠢᠷᠠ ᠭᠠᠷᠤᠢ ᠮᠤ᠋ ᠶᠢᠨ ᠪᠤᠭᠤᠳᠠᠢ ᠲᠠᠷᠢᠵᠦ ᠪᠠᠶᠢᠭ᠎ᠠ ᠪᠤᠯᠪᠠᠴᠤ  ᠣᠷᠤᠯᠭ᠎ᠠ ᠨᠢ ᠬᠠᠷᠢᠨ  ᠣᠣᠯ   ᠤᠨ ᠵᠠᠭᠤ ᠭᠠᠷᠤᠢ ᠮᠤ᠋ ᠶᠢᠨ ᠡᠷᠳᠡᠨᠢ ᠰᠢᠰᠢ ᠲᠠᠷᠢᠵᠦ ᠪᠠᠶᠢᠭᠰᠠᠨ ᠣᠷᠤᠯᠭ᠎ᠠ ᠠᠴᠠ ᠪᠠᠰᠠ ᠨᠢᠭᠡ ᠲᠠᠬᠢᠨ ᠢᠶᠠᠷ ᠨᠡᠮᠡᠭᠳᠡᠵᠠᠢ᠃       ᠲᠡᠮᠦᠷᠪᠠᠭᠠᠳᠤᠷ ᠤᠨ ᠬᠢ ᠲᠠᠢ ᠠᠳᠠᠯᠢ ᠶᠠᠳᠠᠭᠤ ᠬᠦᠴᠢᠷᠳᠡᠯᠳᠡᠢ ᠡᠷᠤᠬᠡ ᠸᠠᠩᠵᠢᠯᠨᠤᠷᠪᠤ ᠶᠢᠨ ᠬᠢᠨ ᠳᠤ ᠠᠪᠴᠦ ᠬᠡᠯᠡᠪᠡᠯ ᠲᠤᠯᠠᠭᠠᠨ ᠬᠦᠯᠡᠮᠵᠢ ᠶᠢᠨ ᠯᠠᠵᠤᠤ ᠨᠢ ᠲᠡᠳᠡᠨᠡᠶᠢᠬᠢᠨ ᠳᠤ ᠴᠢᠨᠡᠬᠡᠯᠢᠭ ᠠᠮᠢᠳᠤᠷᠠᠯ ᠢᠶᠠᠨ  ᠴᠤᠭᠴᠠᠯᠠᠬᠤ ᠰᠡᠳᠬᠢᠯ ᠤᠨ ᠲᠡᠩᠬᠡᠬᠡ ᠶᠢ ᠣᠯᠭᠤᠵᠠᠢ᠃ ᠯᠠᠵᠤᠤ ᠪᠣᠯ ᠵᠢᠯ ᠳᠤ ᠲᠠᠪᠤ ᠣᠳᠠᠭ᠎ᠠ ᠬᠤᠷᠢᠶᠠᠨ᠎ᠠ᠂ ᠣᠣᠯ  ᠤᠨ ᠬᠢ ᠶᠢ ᠪᠤᠳᠤᠪᠠᠯ ᠣᠯᠵᠠ ᠨᠢ ᠬᠤᠯᠠ ᠶᠡᠭᠡ᠂ ᠲᠡᠷᠡ ᠮᠥᠷᠲᠡᠭᠡᠨ ᠰᠠᠯᠬᠢ ᠵᠤᠳᠤᠬᠤ ᠠᠴᠠ ᠠᠶᠤᠬᠤ ᠦᠭᠡᠢ᠂ ᠲᠡᠭᠷᠢ ᠰᠢᠭᠤᠷᠠᠬᠤ ᠠᠴᠠ ᠠᠶᠤᠬᠤ ᠦᠭᠡᠢ᠂ ᠰᠠᠶᠢᠬᠠᠨ ᠬᠢᠪᠡᠯ ᠣᠷᠤᠯᠭ᠎ᠠ ᠨᠡᠮᠡᠭᠳᠡᠬᠦ ᠳᠤ ᠠᠰᠠᠭᠤᠳᠠᠯ ᠦᠭᠡᠢ ᠳᠠᠷᠢᠶᠠᠯᠠᠩ ᠤᠨ ᠠᠵᠣ ᠣᠶᠢᠯᠡᠰ ᠪᠣᠯᠣᠨ᠎ᠠ᠃       ᠡᠨᠡ ᠮᠡᠳᠤ ᠪᠠᠷ ᠡᠩᠬᠡᠰᠢᠳᠢ ᠠᠷᠪᠠᠨ ᠵᠢᠯ ᠤᠨ ᠭᠠᠴᠠᠭᠠᠨ ᠤ ᠠᠵᠢᠯ ᠢ ᠡᠳᠤᠷ ᠤᠨ ᠠᠵᠢᠯ ᠰᠢᠭ ᠢᠶᠠᠨ ᠪᠠᠷᠢᠮᠳᠠᠯᠠᠵᠦ᠂ ᠨᠠᠮ ᠬᠡᠰᠢᠬᠦᠨ ᠤ ᠡᠬᠦᠷᠬᠡ ᠬᠠᠷᠢᠭᠤᠴᠠᠯᠭ᠎ᠠ ᠪᠠ ᠲᠡᠷᠢᠬᠦᠨ ᠤ ᠴᠢᠨᠠᠷ ᠢ ᠪᠠᠳᠤ ᠴᠡᠬᠡᠵᠢᠯᠡᠨ ᠠᠷᠠᠳ ᠲᠥᠮᠡᠨ ᠤ ᠠᠰᠢᠭ ᠲᠤᠰᠠ ᠶᠢ ᠰᠡᠳᠬᠢᠯ ᠳᠡᠭᠡᠨ ᠲᠤᠭᠳᠠᠭᠠᠵᠦ᠂ ᠬᠠᠯᠠᠰᠢᠷᠠᠯ ᠦᠭᠡᠢ ᠴᠢᠷᠮᠠᠶᠢᠭᠰᠠᠨ ᠢᠶᠠᠷ  ᠣᠳᠤᠬᠠᠨ  ᠳᠤ ᠭᠠᠴᠠᠭᠠᠨ ᠤ  ᠪᠤᠭᠤᠳᠠᠢ ᠲᠠᠷᠢᠭᠰᠠᠨ ᠡᠷᠤᠬᠡ ᠨᠢ ᠲᠦᠴᠢ  ᠭᠠᠷᠤᠢ ᠪᠤᠯᠵᠦ᠂  ᠲᠠᠷᠢᠮᠠᠯ ᠤᠨ ᠲᠠᠯᠠᠪᠠᠢ ᠨᠢ 800 ᠭᠠᠷᠤᠢ ᠮᠤ᠋ ᠳᠤ  ᠬᠦᠷᠴᠤ᠂ 2017 ᠣᠨ ᠳᠤ ᠰᠦᠯᠳᠡ ᠰᠤᠮᠤ ᠠᠴᠠ 350 ᠭᠠᠷᠤᠢ ᠲᠦᠮᠡᠨ ᠲᠦᠬᠦᠷᠢᠭ  ᠤᠨ ᠪᠡᠯᠡ ᠣᠷᠤᠭᠤᠯᠵᠦ᠂ ᠴᠠᠮᠬᠠᠭ ᠭᠠᠴᠠᠭᠠᠨ ᠳᠤ ᠭᠤᠯᠢᠷ ᠤᠨ ᠦᠢᠯᠡᠳᠪᠦᠷᠢ ᠶᠢ ᠪᠠᠶᠢᠭᠤᠯᠤᠨ ᠪᠤᠭᠤᠳᠠᠢ ᠲᠠᠷᠢᠬᠤ᠂  ᠪᠤᠯᠪᠠᠰᠤᠷᠠᠭᠤᠯᠬᠤ᠂ ᠪᠤᠷᠤᠯᠠᠭᠤᠯᠬᠤ ᠵᠡᠷᠭᠡ ᠶᠢ ᠨᠢᠭᠡ ᠴᠤᠭᠴᠠᠵᠢᠭᠤᠯᠤᠭᠰᠠᠨ ᠠᠵᠦ ᠦᠢᠯᠡᠰ ᠤᠨ ᠬᠢᠯᠬᠢᠶ᠎ᠡ ᠶᠢ ᠪᠦᠷᠢᠯᠳᠦᠬᠦᠯᠤᠨ ᠦᠭᠴᠠᠢ᠃ ᠡᠬᠦᠨ ᠠᠴᠠ ᠭᠠᠳᠠᠨ᠎ᠠ 2016 ᠣᠨ ᠳᠤ ᠭᠠᠴᠠᠭᠠᠨ ᠤ ᠠᠩᠬ᠎ᠠ ᠪᠦᠯᠦᠭ ᠭᠤᠤᠯᠳᠠᠯᠭᠠᠳᠠᠢ ᠲᠡᠳᠬᠦᠨ ᠲᠡᠮᠵᠢᠵᠦ ᠪᠠᠶᠢᠭ᠎ᠠ42 ᠶᠠᠳᠠᠭᠤ ᠬᠦᠴᠢᠷᠳᠡᠯᠳᠡᠢ ᠡᠷᠤᠬᠡ ᠶᠢ ᠲᠠᠶᠢᠴᠢᠯᠠᠨ ᠲᠤᠯᠠᠭᠠᠨ ᠬᠦᠯᠡᠮᠵᠢ ᠶᠢᠨ ᠯᠠᠵᠤᠤ ᠶᠢ ᠲᠠᠷᠢᠭᠤᠯᠵᠦ  ᠂ ᠡᠷᠤᠬᠡ ᠪᠦᠷᠢ ᠶᠢᠨ ᠲᠤᠮᠳᠠᠴᠢᠯᠠᠭᠰᠠᠨ ᠣᠷᠤᠯᠭ᠎ᠠ ᠶᠢ ᠬᠤᠶᠠᠷ ᠲᠥᠮᠡ ᠢᠯᠡᠬᠦᠤ ᠲᠦᠬᠦᠷᠢᠭ ᠨᠡᠮᠡᠭᠳᠡᠬᠦᠯᠦᠭᠰᠡᠨ  ᠰᠠᠭᠤᠷᠢᠨ ᠲᠡᠭᠡᠷ᠎ᠡ ᠡᠨᠡ ᠵᠢᠯ  ᠪᠠᠰᠠ ᠦᠷᠬᠦᠯᠵᠢᠯᠡᠨ ᠲᠤᠰ ᠲᠦᠷᠦᠯ ᠵᠦᠢᠯ  ᠤᠨ ᠲᠦᠬᠦᠷᠵᠢᠭᠰᠡᠨ ᠲᠤᠨᠤᠭ ᠲᠥᠬᠦᠬᠡᠷᠤᠮᠵᠢ ᠶᠢ ᠦᠨ᠎ᠡ ᠲᠥᠯᠦᠪᠦᠷᠢ ᠦᠭᠡᠢ ᠬᠠᠩᠭᠠᠬᠤ ᠪᠠᠷ ᠲᠠᠮᠵᠢᠨ ᠰᠢᠨ᠎ᠡ ᠪᠠᠷ 50 ᠡᠷᠤᠬᠡ ᠮᠠᠯᠴᠢᠨ ᠲᠠᠷᠢᠶᠠᠴᠢᠳ ᠲᠤ ᠠᠰᠢᠭ  ᠬᠦᠷᠳᠡᠬᠡᠵᠦ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠷᠠᠳᠢᠤ᠋ ᠲᠧᠯᠸᠢᠰ ᠦᠢᠯᠡᠴᠢᠯᠡᠭᠡᠨ ᠤ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号