ᠬᠤᠰᠢᠭᠤ ᠡᠪᠯᠡᠯ ᠤᠨ ᠬᠤᠷᠢᠶ᠎ᠠ ︽ᠬᠤᠶᠠᠷ ᠢ ᠰᠣᠷᠣᠯᠴᠠᠵᠣ ᠬᠢᠷᠢ ᠲᠡᠩᠴᠡᠭᠰᠡᠨ ᠨᠠᠮ ᠤᠨ ᠬᠡᠰᠢᠭᠦᠨ ᠪᠣᠯᠬᠤ︾ | ᠰᠣᠷᠣᠯᠴᠠᠯᠭ᠎ᠠ ᠬᠥᠮᠣᠵᠢᠯ ᠢ ᠦᠷᠭᠦᠯᠵᠢᠯᠡᠨ ᠪᠠᠶᠢᠩᠭᠤᠵᠢᠭᠤᠯᠣᠨ ᠲᠥᠷᠢᠮᠵᠢᠭᠦᠯᠬᠦ ᠠᠵᠢᠯ ᠤᠨ ᠪᠠᠶᠢᠷᠢᠯᠠᠭᠤᠯᠣᠯᠲᠠ | ᠶᠣᠰᠣᠭᠠᠷ ᠨᠠᠮ ᠤᠨ ᠡᠭᠦᠷ ᠢᠶᠠᠷ ᠦᠨᠳᠤᠰᠤᠨ ᠨᠢᠭᠡᠴᠢ ᠪᠤᠯᠭᠠᠵᠤ᠂ ᠵᠠᠯᠠᠭᠤ ᠨᠠᠮ ᠤᠨ ᠬᠡᠰᠢᠭᠦᠳ ᠤᠨ ᠬᠡᠪ ᠴᠢᠨᠠᠷ ᠤᠨ | ᠪᠣᠯᠪᠠᠰᠣᠷᠠᠯ ᠢ ᠰᠠᠶᠢᠳᠤᠷ ᠠᠳᠬᠤᠵᠣ ᠪᠠᠶᠢᠨ᠎ᠠ᠃ | ᠲᠥᠷᠢᠮ ᠲᠣᠭᠳᠠᠭᠠᠯ ᠢᠶᠠᠷ ᠰᠣᠷᠣᠯᠴᠠᠯᠭ᠎ᠠ ᠶᠢ ᠠᠬᠢᠭᠤᠯᠬᠤ ᠪᠣᠯᠣᠨ ᠣᠳᠣᠷᠢᠳᠣᠯᠭ᠎ᠠ ᠲᠠᠭᠠᠭᠤᠯᠣᠨ | ᠰᠣᠷᠣᠯᠴᠠᠬᠤ ᠶᠢ ᠣᠶᠠᠯᠳᠤᠭᠤᠯᠪᠠ᠃ ᠬᠤᠰᠢᠭᠤ ᠡᠪᠯᠡᠯ ᠤᠨ ᠬᠤᠷᠢᠶ᠎ᠠ ᠨᠢ ᠰᠣᠷᠣᠯᠴᠠᠯᠭ᠎ᠠ ᠶᠢᠨ ᠴᠢᠨᠠᠷᠲᠠᠢ ᠨᠠᠮ ᠤᠨ | ᠵᠣᠬᠢᠶᠠᠨ ᠪᠠᠶᠢᠭᠤᠯᠣᠯᠲᠠ ᠶᠢ ᠲᠥᠯᠬᠢᠨ ᠠᠬᠢᠭᠤᠯᠵᠣ᠂ ᠤᠷᠢᠳ ᠬᠤᠵᠢᠳ ︽ᠬᠤᠶᠠᠷ ᠢ ᠰᠣᠷᠣᠯᠴᠠᠵᠣ ᠬᠢᠷᠢ | ᠲᠡᠩᠴᠡᠭᠰᠡᠨ ᠨᠠᠮ ᠤᠨ ᠬᠡᠰᠢᠭᠦᠨ ᠪᠣᠯᠬᠤ︾ ᠰᠤᠷᠤᠯᠴᠠᠯᠭ᠎ᠠ ᠬᠦᠮᠦᠵᠢᠯ ᠢ ᠪᠠᠶᠢᠡᠭᠭᠤᠵᠢᠭᠤᠯᠵᠤ ᠲᠦᠷᠢᠮᠵᠢᠭᠦᠯᠬᠦ | ᠲᠥᠰᠣᠯ ᠪᠡ ᠰᠣᠷᠣᠯᠴᠠᠬᠤ ᠲᠥᠯᠣᠪᠯᠡᠭᠡ᠂ ︽ᠨᠠᠮ ᠤᠨ ᠬᠡᠰᠢᠬᠦᠳ ᠤᠨ ᠠᠵᠢᠯᠯᠠᠭᠠᠨ ᠤ ᠡᠳᠦᠷ︾ ᠤᠨ ᠲᠥᠰᠣᠯ | ᠵᠡᠷᠭᠡ ᠶᠢ ᠲᠣᠭᠳᠠᠭᠠᠨ᠂ ᠪᠥᠬᠦ ᠨᠠᠮ ᠤᠨ ᠬᠡᠰᠢᠭᠦᠳ ᠤᠨ ᠲᠣᠮᠳᠠ ︽ᠬᠤᠶᠠᠷ ᠢ ᠰᠣᠷᠣᠯᠴᠠᠵᠣ ᠬᠢᠷᠢ ᠲᠡᠩᠴᠡᠭᠰᠡᠨ | ᠨᠠᠮ ᠤᠨ ᠬᠡᠰᠢᠭᠦᠨ ᠪᠣᠯᠬᠤ︾ ᠰᠤᠷᠤᠯᠴᠠᠯᠭ᠎ᠠ ᠬᠦᠮᠦᠵᠢᠯ ᠤᠨ ᠠᠵᠢᠯᠯᠠᠭ᠎ᠠ ᠵᠢᠴᠢ ︽ᠣᠭ ᠰᠠᠨᠠᠭ᠎ᠠ ᠪᠠᠨ ᠥᠯᠣ | ᠮᠠᠷᠳᠠᠨ ᠡᠭᠦᠷᠭᠡ ᠬᠠᠷᠢᠭᠤᠴᠠᠯᠭ᠎ᠠ ᠪᠠᠨ ᠪᠠᠳᠣ ᠴᠡᠭᠡᠵᠢᠯᠡᠶ᠎ᠡ︾ ᠭᠤᠣᠯ ᠰᠡᠳᠣᠪᠳᠣ ᠰᠤᠷᠤᠯᠴᠠᠯᠭ᠎ᠠ ᠬᠦᠮᠦᠵᠢᠯ ᠤᠨ | ᠠᠵᠢᠯᠯᠠᠭ᠎ᠠ ᠶᠢ ᠭᠥᠨᠵᠡᠭᠡᠢ ᠥᠷᠨᠢᠭᠦᠯᠵᠣ᠂ ᠨᠠᠮ ᠤᠨ ᠬᠡᠰᠢᠭᠦᠨ ᠤ ᠦᠵᠡᠯ ᠰᠠᠨᠠᠭ᠎ᠠ ᠠᠵᠢᠯᠯᠠᠭ᠎ᠠ ᠶᠢ ᠬᠥᠳᠣᠯᠥᠨ | ᠵᠢᠯᠣᠭᠤᠳᠴᠠᠢ᠃ ᠨᠠᠮ ᠤᠨ ᠡᠭᠦᠷ ᠢᠶᠠᠷ ᠪᠠᠬᠢᠯᠡᠯᠲᠠ ᠪᠣᠯᠭᠠᠵᠣ᠂ ᠪᠥᠬᠦ ᠨᠠᠮ ᠤᠨ ᠬᠡᠰᠢᠬᠦᠳ ᠢᠶᠠᠨ ᠲᠠᠶᠢᠴᠢᠯᠠᠨ 6 | ᠣᠳᠠᠭᠠᠨ ᠤ ᠬᠠᠮᠳᠣ ᠶᠢᠨ ᠰᠣᠷᠣᠯᠴᠠᠯᠭ᠎ᠠ᠂ 3 ᠣᠳᠠᠭᠠᠨ ᠤ ᠰᠣᠷᠭᠠᠨ ᠬᠥᠮᠣᠵᠢᠯ ᠤᠨ ᠹᠢᠯᠢᠮ ᠥᠵᠡᠵᠣ᠂ 1 | ᠣᠳᠠᠭᠠᠨ ᠤ ᠰᠣᠳᠣᠯᠤᠨ ᠶᠠᠷᠢᠯᠴᠠᠬᠤ ᠬᠤᠷᠠᠯ ᠢ ᠬᠢᠪᠠ᠃ | ᠲᠣᠣᠷ ᠰᠥᠯᠵᠢᠶ᠎ᠡ ᠪᠠᠷ ᠰᠣᠷᠣᠯᠴᠠᠬᠤ ᠪᠣᠯᠣᠨ ᠺᠠᠷᠲ᠋ᠣᠨ ᠺᠢᠨᠣ᠋ ᠬᠠᠪᠰᠣᠷᠣᠨ ᠰᠣᠷᠣᠯᠴᠠᠬᠤ ᠶᠢ ᠣᠶᠠᠯᠳᠤᠭᠤᠯᠪᠠ | ᠃ ︽ᠢᠨᠲ᠋ᠧᠷᠨᠧᠲ ᠰᠥᠯᠵᠢᠶ᠎ᠠ +︾ ︽ᠣᠶᠣᠨᠴᠢ ᠨᠠᠮ ᠤᠨ ᠪᠠᠶᠢᠭᠤᠯᠣᠯᠲᠠ︾ ᠶᠢ ᠠᠰᠢᠭᠯᠠᠨ᠂ ᠨᠠᠮ ᠤᠨ | ᠬᠡᠰᠢᠭᠦᠨ ᠤ ᠰᠣᠷᠣᠯᠴᠠᠯᠭ᠎ᠠ ᠶᠢ ᠬᠠᠪᠰᠣᠷᠣᠨ ᠲᠡᠮᠵᠢᠵᠣ᠂ ︽ᠨᠣᠮᠢᠨ ᠲᠠᠩᠰᠤᠭ ᠥᠣᠰᠢᠨ ᠨᠣᠳᠤᠭ᠂ ᠥᠩᠭᠡ | ᠨᠡᠮᠡᠷᠢᠯᠡᠭᠰᠡᠨ ᠵᠠᠯᠠᠭᠤ ᠨᠠᠰᠣ︾ ︽ᠦᠣᠰᠢᠨ ᠵᠠᠯᠠᠭᠤᠴᠣᠳ ᠠᠴᠠ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠳᠤ | ᠳᠡᠪᠰᠢᠭᠦᠯᠦᠭᠰᠡᠨ ᠰᠡᠳᠬᠢᠯ ᠤᠨ ᠦᠭᠡ︾ ᠬᠡᠬᠦ ᠭᠤᠣᠯ ᠰᠡᠳᠣᠪᠲᠦ ᠰᠢᠩᠭᠡᠭᠡᠯᠲᠡ ᠶᠢᠨ ᠪᠦᠰᠡ ᠵᠡᠷᠭᠡ | ᠥᠨᠳᠣᠰᠣᠲᠠᠨ ᠤ ᠣᠨᠴᠠᠯᠢᠭ ᠲᠠᠢ ᠺᠠᠷᠲ᠋ᠣᠨ ᠺᠢᠨᠣ᠋ ᠵᠢᠴᠢ ᠰᠢᠩᠭᠡᠭᠡᠯᠲᠡ ᠶᠢᠨ ᠪᠦᠰᠡ ᠶᠢ ᠥᠢᠯᠡᠳᠣᠨ᠂ ᠪᠥᠬᠦ ᠨᠠᠮ ᠤᠨ | ᠬᠡᠰᠢᠭᠦᠳ ᠲᠤ ᠪᠠᠨ ᠨᠡᠶᠢᠭᠡᠮ ᠵᠢᠷᠣᠮ ᠤᠨ ᠭᠤᠣᠯᠯᠠᠭᠴᠢ ᠥᠷᠳᠡᠭ ᠤᠨ ᠦᠵᠡᠯᠳᠠ ᠶᠢᠢᠨ ᠵᠣᠷᠢᠭ ᠰᠠᠨᠠᠭ᠎ᠠ ᠶᠢ | ᠣᠬᠠᠭᠤᠯᠣᠨ᠂ ᠣᠶᠣᠨᠴᠢ ᠨᠠᠮ ᠤᠨ ᠪᠠᠶᠢᠭᠤᠯᠣᠯᠲᠠ ᠶᠢᠨ ᠲᠠᠪᠠᠭᠤᠯᠢᠭ ᠲᠠᠯ᠎ᠠ ᠶᠢ ᠬᠥᠢᠴᠡᠳ ᠪᠠᠳᠠᠷᠠᠭᠤᠯᠵᠠᠢ᠃ | ᠰᠠᠭᠤᠷᠢᠨ ᠭᠠᠵᠠᠷ ᠲᠤ ᠠᠮᠢᠳᠣᠯᠢᠭ ᠢᠶᠠᠷ ᠰᠣᠷᠣᠯᠴᠠᠬᠤ ᠪᠣᠯᠣᠨ ᠭᠤᠣᠯ ᠰᠠᠳᠣᠪᠳᠣ ᠠᠵᠢᠯᠯᠠᠭ᠎ᠠ ᠪᠠᠷ ᠲᠠᠮᠵᠢᠨ | ᠰᠣᠷᠣᠯᠴᠠᠬᠤ ᠶᠢ ᠣᠶᠠᠯᠳᠤᠭᠤᠯᠪᠠ᠃ ᠣᠯᠠᠭᠠᠨᠲᠣᠯᠣᠭᠠᠢ ᠪᠠᠯᠭᠠᠰᠣᠨ ᠤ ︽ᠠᠬᠠᠮᠠᠳ ᠲᠣᠰᠬᠤᠨ ᠲᠠᠷᠤᠭ᠎ᠠ ᠶᠢᠨ | ᠥᠯᠢᠭᠡᠷ︾ ᠤᠨ ᠬᠥᠮᠣᠵᠢᠭᠦᠯᠭᠦ ᠰᠠᠭᠤᠷᠢᠨ ᠭᠠᠵᠠᠷ ᠲᠤ ᠬᠥᠷᠴᠣ ᠲᠣᠭᠤᠷᠢᠨ ᠰᠣᠷᠣᠯᠴᠠᠵᠣ᠂ ᠨᠠᠮ ᠤᠨ ᠠᠷᠪᠡ | ᠶᠢᠰᠣᠳᠣᠭᠡᠷ ᠶᠡᠭᠡ ᠬᠤᠷᠠᠯ ᠤᠨ ᠵᠣᠷᠢᠭ ᠰᠠᠨᠠᠭ᠎ᠠ ᠵᠢᠴᠢ ᠶᠡᠷᠣᠩᠬᠡᠢ ᠱᠥᠵᠢ ᠰᠢ ᠶᠢᠨ ᠫᠢᠩ ᠤᠨ ᠰᠢᠨ᠎ᠠ ᠴᠠᠭ | ᠥᠶ᠎ᠡ ᠶᠢᠨ ᠲᠣᠮᠳᠠᠳᠣ ᠣᠯᠣᠰ ᠤᠨ ᠣᠨᠴᠠᠯᠢᠭ ᠪᠥᠭᠦᠢ ᠨᠡᠶᠢᠬᠡᠮ ᠵᠢᠷᠣᠮ ᠤᠨ ᠥᠵᠡᠯ ᠰᠠᠨᠠᠭ᠎ᠠ ᠶᠢ ᠭᠤᠣᠯᠳᠠᠯᠭ᠎ᠠ ᠲᠠᠢ | ᠲᠣᠣᠱᠯᠠᠭᠤᠯᠣᠨ ᠰᠣᠷᠣᠯᠴᠠᠵᠣ᠂ ᠨᠠᠮ ᠤᠨ ᠬᠡᠰᠢᠭᠦᠨ ᠤ ᠨᠣᠮ ᠣᠩᠰᠢᠬᠤ ᠡᠳᠣᠷ᠂ ᠰᠣᠳᠣᠯᠤᠨ ᠶᠠᠷᠢᠯᠴᠠᠬᠤ ᠬᠤᠷᠠᠯ᠂ | ᠣᠯᠣᠰ ᠢᠶᠠᠨ ᠬᠠᠶᠢᠷᠠᠯᠠᠬᠤ ᠥᠵᠡᠯ ᠤᠨ ᠬᠥᠮᠥᠵᠢᠯ᠂ ᠰᠢᠨ᠎ᠠ ᠬᠠᠭᠤᠴᠢᠨ ᠨᠠᠮ ᠤᠨ ᠬᠡᠰᠢᠭᠦᠨ ᠨᠠᠮ ᠳᠤ ᠤᠷᠤᠬᠤ | ᠳᠠᠩᠭᠠᠷᠢᠬ ᠤᠨ ᠦᠭᠡ ᠶᠢ ᠡᠷᠬᠢᠴᠡᠭᠦᠯᠭᠦ᠂ ᠨᠠᠮ ᠤᠨ ᠬᠡᠰᠢᠭᠦᠨ ᠤ ᠶᠠᠪᠠᠭᠠᠨ ᠠᠶᠠᠯᠠᠬᠤ ᠠᠵᠢᠯᠯᠠᠭ᠎ᠠ ᠶᠢ ᠥᠷᠨᠢᠭᠦᠯᠵᠣ᠂ | ᠨᠠᠮ ᠤᠨ ᠬᠡᠰᠢᠭᠦᠳ ᠤᠨ ᠨᠠᠮᠴᠢ ᠴᠢᠨᠠᠷ᠂ ᠬᠠᠷᠢᠭᠤᠴᠠᠯᠭᠠᠳᠣ ᠴᠢᠨᠠᠷ ᠢ ᠴᠢᠩᠭᠠᠳᠬᠠᠪᠠ᠃ | ᠬᠤᠰᠢᠭᠤ ᠡᠪᠯᠡᠯ ᠤᠨ ᠬᠤᠷᠢᠶ᠎ᠠ ᠨᠢ ᠵᠠᠯᠠᠭᠤ ᠨᠠᠮ ᠤᠨ ᠭᠡᠰᠢᠭᠦᠳ ᠤᠨ ᠠᠳᠠᠯᠢ ᠪᠤᠰᠤ ᠪᠠᠶᠢᠳᠠᠯ ᠢ | ᠦᠨᠳᠦᠰᠦᠯᠠᠵᠤ᠂ ᠰᠢᠨ᠎ᠠ ᠴᠠᠭ ᠥᠶ᠎ᠠ ᠶᠢᠨ ᠤᠨᠴᠠᠯᠢᠭ ᠲᠠᠢ ᠣᠶᠠᠯᠳᠣᠭᠤᠯᠣᠨ ᠠᠭᠤᠯᠭ᠎ᠠ ᠪᠠᠷ ᠡᠯᠪᠡᠭ ᠪᠠᠶᠠᠯᠢᠭ | ᠨᠠᠮ ᠤᠨ ᠠᠵᠢᠯᠯᠠᠭ᠎ᠠ ᠶᠢ ᠵᠤᠬᠢᠶᠠᠨ ᠪᠠᠶᠢᠭᠤᠯᠤᠨ ᠥᠷᠨᠢᠬᠦᠯᠵᠤ᠂ ᠨᠠᠮ ᠤᠨ ᠬᠡᠰᠢᠬᠦᠨ ᠤ ᠵᠣᠬᠢᠶᠠᠨ | ᠪᠠᠶᠢᠭᠤᠯᠣᠯᠲᠠ ᠶᠢᠨ ᠠᠮᠢᠳᠣᠷᠠᠯ ᠢ ᠪᠠᠶᠠᠯᠢᠭᠵᠢᠭᠤᠯᠣᠨ ᠰᠢᠨ᠎ᠠ ᠪᠠᠶᠢᠳᠠᠯ ᠳᠤᠤᠷᠠᠬᠢ ᠨᠠᠮ ᠤᠨ ᠭᠡᠰᠢᠭᠦᠨ ᠤ ᠨᠠᠮᠴᠢ | ᠴᠢᠨᠠᠷ ᠤᠨ ᠬᠦᠮᠦᠵᠢᠯ ᠢ ᠴᠢᠩᠭᠠᠳᠬᠠᠵᠣ᠂ ᠵᠠᠯᠠᠭᠤ ᠨᠠᠮ ᠤᠨ ᠬᠡᠰᠢᠭᠦᠳ ᠤᠨ ᠡᠩᠨᠡᠭᠡ ᠶᠢ ᠴᠣᠭᠴᠠᠯᠠᠨ ᠲᠡᠳᠡᠭᠡᠷ ᠤᠨ | ᠠᠵᠢᠯ ᠳᠤ ᠪᠠᠨ ᠬᠠᠨᠳᠤᠬᠤ ᠤᠷᠮᠠᠰᠢᠯ ᠢ ᠤᠯᠠᠮ ᠨᠢᠬᠡ ᠠᠯᠬᠤᠮ ᠳᠠᠶᠢᠴᠢᠯᠠᠵᠤ᠂ ᠠᠮᠢᠵᠢᠷᠠᠯ ᠤᠨ ᠬᠥᠴᠣᠨ ᠢᠶᠠᠷ | ᠪᠢᠯᠬᠠᠮ᠎ᠠ ᠨᠠᠮ ᠤᠨ ᠬᠡᠰᠢᠭᠦᠨ᠂ ᠨᠠᠮ ᠤᠨ ᠵᠣᠬᠢᠶᠠᠨ ᠪᠠᠶᠢᠭᠤᠯᠣᠯᠲᠠ ᠪᠣᠯᠣᠨ ᠠᠯᠪᠠᠨ ᠪᠠᠶᠢᠭᠤᠯᠭ᠎ᠠ ᠶᠢ ᠪᠠᠬᠢᠵᠢᠭᠦᠯᠣᠨ | ᠪᠥᠳᠤᠭᠡᠨ ᠪᠠᠶᠢᠭᠤᠯᠬᠤ ᠪᠠᠷ ᠲᠠᠰᠣᠷᠠᠯᠲᠠ ᠥᠭᠡᠢ ᠴᠢᠷᠮᠠᠶᠢᠵᠣ ᠪᠠᠶᠢᠨ᠎ᠠ᠃ |