ᠦᠣᠰᠢᠨ ᠬᠤᠰᠢᠭᠤᠨ ᠤ ᠨᠡᠶᠢᠬᠡᠮ ᠤᠨ ᠡᠯ᠎ᠡ ᠡᠳᠡᠭᠡᠳ ᠤᠨ ᠬᠢᠨ ᠭᠠᠮᠰᠢᠭᠳᠡᠭ᠌ᠰᠠᠨ ᠣᠷᠣᠨ ᠢ ᠢᠳᠡᠪᠬᠢᠳᠡᠢ ᠳᠡᠮᠵᠢᠨ ᠳᠣᠰᠠᠯᠠᠵᠣ ᠪᠡᠶᠢᠨ᠎ᠠ
ᠨᠡᠶᠢᠲᠡᠯᠡᠭᠰᠡᠨ ᠴᠠᠭ᠄
2018-07-06
    ᠮᠠᠨ ᠤ ᠣᠷᠣᠨ ᠤ ᠠᠯᠠᠱᠠ ᠠᠶᠢᠮᠠᠭ᠂ ᠪᠠᠶᠠᠨᠨᠠᠭᠤᠷ ᠬᠤᠳᠠ ᠵᠡᠷᠭᠡ ᠭᠠᠵᠠᠷ ᠣᠷᠣᠨ ᠳᠤ ᠬᠦᠨᠳᠣ ᠨᠣᠴᠢᠳᠡᠢ ᠭᠠᠨᠭ᠌ ᠬᠠᠭᠰᠠᠷᠠᠭᠠᠨ ᠪᠣᠯᠵᠣ ᠮᠠᠯᠴᠢᠨ ᠳᠦᠮᠡᠨ ᠤ ᠡᠪᠡᠰᠣ ᠪᠣᠷᠳᠤᠭ᠎ᠠ ᠶᠠᠭᠡᠪᠡᠷ ᠳᠣᠳᠠᠭᠳᠠᠵᠣ ᠪᠡᠶᠢᠭ᠎ᠠ ᠵᠠᠩᠬᠢᠯᠠᠭ᠎ᠠ  ᠶᠢᠨ ᠴᠠᠭ ᠮᠦᠴᠡ ᠳᠤ ᠮᠠᠨ ᠤ  ᠬᠤᠰᠢᠭᠤᠨ ᠤ ᠨᠠᠶᠢᠬᠡᠮ ᠤᠨ ᠡᠯ᠎ᠡ ᠡᠳᠡᠭᠡᠳ ᠶᠢᠨ ᠬᠢᠨ ᠪᠦᠯᠬᠦᠮᠳᠡᠨ ᠨᠢᠭᠳᠠᠷᠴᠣ ᠬᠦᠴᠣ ᠪᠠᠨ ᠬᠠᠮᠳᠣᠷᠠᠭᠤᠯᠣᠨ ᠣᠯᠠᠨ ᠵᠣᠶᠢᠯ ᠤᠨ ᠠᠷᠭ᠎ᠠ ᠠᠪᠴᠠᠯ ᠢᠶᠠᠷ ᠳᠣᠰᠠᠯᠠᠨ ᠳᠠᠮᠵᠢᠵᠣ ᠪᠡᠶᠢᠨ᠎ᠠ᠃       ᠣᠶᠢᠷ᠎ᠠ ᠶᠢᠨ ᠡᠳᠣᠷ᠂  ᠰᠦᠯᠳᠡ ᠰᠣᠮᠣᠨ ᠤ ᠪᠣᠷᠣᠬᠦ᠋ᠳᠡᠭᠡ ᠭᠠᠴᠠᠭᠠᠨ ᠤ 120 ᠭᠠᠷᠣᠢ ᠮᠠᠯᠴᠢᠨ ᠡᠷᠣᠭᠡ ᠰᠠᠶᠢᠨ ᠳᠣᠷ᠎ᠠ ᠠᠴᠠ ᠵᠣᠬᠢᠶᠠᠨ ᠪᠠᠶᠢᠭᠤᠯᠤᠯᠴᠠᠨ᠂ ᠠᠯᠠᠱᠠ ᠵᠡᠬᠦᠨ ᠬᠤᠰᠢᠭᠤᠨ ᠤ ᠭᠠᠨᠭ᠌ ᠬᠠᠭᠰᠠᠷᠭᠠᠨ ᠳᠤ ᠣᠴᠠᠷᠠᠭᠰᠠᠨ ᠭᠠᠵᠠᠷ ᠤᠷᠣᠨ ᠪᠣᠯᠬᠤ ᠢᠡᠭᠬᠡᠨ ᠰᠣᠮᠣᠨ ᠳᠤ ᠡᠪᠡᠰᠣ ᠪᠣᠷᠳᠤᠭ᠎ᠠ ᠳᠣᠰᠠᠯᠠᠯ᠎ᠠ᠃ ᠡᠨ᠋ᠨ ᠣᠳᠠᠭ᠎ᠠ᠂ ᠰᠦᠯᠳᠡ ᠰᠣᠮᠣᠨ ᠤ ᠪᠣᠷᠣᠬᠦ᠋ᠳᠡᠭᠡ ᠭᠠᠴᠠᠭ᠎ᠠ ᠨᠢ 300 ᠪᠣᠭᠤᠯᠳᠠ ᠪᠣᠷᠣ ᠴᠠᠷᠭᠠᠰᠣ᠂1400 ᠪᠣᠭᠤᠯᠳᠠ ᠡᠷᠳᠡᠨᠢ ᠰᠢᠰᠢ ᠶᠢᠨ ᠡᠪᠡᠰᠣ᠂ 13000 ᠭᠠᠷᠣᠢ ᠵᠢᠩ ᠡᠷᠳᠡᠨᠢ ᠰᠢᠰᠢ ᠪᠣᠯᠣᠨ17000 ᠭᠠᠷᠣᠢ ᠳᠦᠬᠦᠷᠢᠭ ᠤᠨ ᠬᠠᠨᠳᠢᠪ  ᠤᠨ ᠮᠦᠡᠭᠬᠦ ᠢ ᠴᠣᠭᠯᠠᠭᠤᠯᠵᠣ ᠭᠤᠷᠪᠠᠨ ᠳᠣᠮᠣ ᠠᠴᠢᠶᠠᠨ ᠤ ᠮᠠᠰᠢᠨ ᠢᠶᠠᠷ ᠠᠯᠠᠱᠠ ᠵᠡᠬᠦᠨ ᠬᠤᠰᠢᠭᠤᠨ ᠤ ᠢᠡᠭᠬᠡᠨ ᠰᠣᠮᠣᠨ   ᠳᠤ ᠬᠦᠷᠭᠡᠭᠰᠡᠨ ᠪᠡᠶᠢᠨ᠎ᠠ᠃     ᠣᠶᠢᠯᠠᠭᠠᠭᠰᠠᠨ ᠢᠶᠠᠷ ᠮᠠᠨ ᠤ ᠣᠷᠣᠨ ᠤ ᠠᠯᠠᠱᠠ ᠠᠶᠢᠮᠠᠭ᠂ ᠪᠠᠶᠠᠨᠨᠠᠭᠤᠷ ᠬᠤᠳᠠ ᠵᠡᠷᠭᠡ ᠭᠠᠵᠠᠷ ᠣᠷᠣᠨ ᠳᠤ ᠬᠦᠨᠳᠣ ᠨᠣᠴᠢᠳᠡᠢ ᠭᠠᠨᠭ᠌ ᠬᠠᠭᠰᠠᠷᠠᠭᠠᠨ ᠳᠤ ᠣᠴᠠᠷᠠᠭᠰᠠᠨ ᠴᠢᠮᠡᠭᠡ ᠢ ᠰᠣᠨᠣᠰᠣᠭᠰᠠᠨ ᠤ ᠳᠠᠷᠠᠭ᠎ᠠ᠂ ᠦᠣᠰᠢᠨ ᠬᠤᠰᠢᠭᠤᠨ ᠤ  ︽ᠣᠷᠳᠣᠰ ᠳᠡᠣᠭᠡ ᠰᠣᠶᠣᠯ︾ ᠸᠢᠴᠠᠲ ᠬᠤᠯᠪᠣᠭᠠᠨ ᠤ ᠬᠢᠨ ᠪᠠᠶᠠᠨᠨᠠᠭᠤᠷ ᠬᠤᠳᠠ   ᠶᠢᠨ ᠣᠷᠠᠳ  ᠤᠨ ᠬᠤᠶᠢᠳᠣ ᠬᠤᠰᠢᠭᠤᠨ ᠤ ᠪᠠᠶᠠᠨᠴᠢᠨᠳᠠᠮᠣᠨᠢ ᠰᠣᠮᠣᠨ ᠤ ᠠᠪᠣᠷᠠᠯᠳᠣ ᠭᠠᠴᠠᠭᠠᠨ ᠳᠤ ᠳᠦᠷᠣᠭᠦᠯᠡᠨ ᠡᠪᠡᠰᠣ ᠪᠣᠷᠳᠤᠭ᠎ᠠ ᠬᠦᠷᠭᠡᠭᠰᠡᠨ ᠠᠴᠠ ᠨᠠᠰᠢ᠂ ᠪᠦᠬᠦ ᠬᠤᠰᠢᠭᠤᠨ ᠤ ᠨᠡᠶᠢᠬᠡᠮ ᠤᠨ ᠡᠯ᠎ᠡ ᠵᠣᠬᠢᠶᠠᠨ ᠪᠠᠶᠢᠭᠤᠯᠣᠯᠳᠠ᠂ ᠭᠠᠴᠠᠭ᠎ᠠ ᠳᠣᠰᠬᠤᠨ ᠬᠠᠮᠳᠣᠪᠡᠷ ᠬᠦᠳᠡᠯᠣᠯᠴᠠᠨ ᠡᠪᠡᠰᠣ ᠪᠣᠷᠳᠤᠭ᠎ᠠ ᠪᠣᠯᠣᠨ ᠮᠦᠡᠭᠬᠦ ᠵᠣᠭᠤᠰ ᠢᠶᠠᠷ ᠳᠣᠰᠠᠯᠠᠨ ᠳᠠᠮᠵᠢᠵᠣ᠂ ᠨᠡᠶᠢᠬᠡᠮ ᠳᠠᠶᠠᠭᠠᠷ ᠢᠶᠠᠨ ᠨᠢᠬᠡ ᠨᠢ ᠭᠠᠴᠢᠭᠳᠠᠪᠠᠯ ᠣᠯᠠᠨ ᠢᠶᠠᠷ ᠢᠶᠠᠨ ᠳᠣᠰᠠᠯᠠᠬᠤ ᠰᠠᠶᠢᠨ ᠰᠠᠶᠢᠬᠠᠨ ᠪᠠᠶᠢᠳᠠᠯ ᠢ ᠪᠣᠢ ᠪᠣᠯᠭᠠᠭᠰᠠᠨ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠷᠠᠳᠢᠤ᠋ ᠲᠧᠯᠸᠢᠰ ᠦᠢᠯᠡᠴᠢᠯᠡᠭᠡᠨ ᠤ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号