ᠮᠠᠨ ᠤ ᠬᠤᠰᠢᠭᠤ 2018 ᠤᠨ ᠤ ᠦᠶᠡᠷ ᠢ ᠰᠡᠷᠭᠡᠶᠢᠯᠡᠵᠦ ᠪᠠᠴᠢᠮ ᠪᠠᠶᠢᠲᠠᠯ ᠢ ᠰᠢᠢᠳᠪᠦᠷᠢᠯᠡᠬᠦ ᠰᠤᠷᠢᠯᠲᠠ ᠶᠢᠨ ᠠᠵᠢᠯᠯᠠᠭ᠎ᠠ ᠦᠷᠨᠢᠭᠦᠯᠪᠠ
ᠨᠡᠶᠢᠲᠡᠯᠡᠭᠰᠡᠨ ᠴᠠᠭ᠄
2018-08-10
     ᠪᠤᠷᠤᠭᠠᠨ ᠤ ᠤᠯᠠᠷᠢᠯ ᠭᠦᠷᠴᠤ ᠢᠷᠡᠬᠦ ᠶᠢ ᠲᠠᠭᠠᠯᠲᠤᠨ ᠪᠦᠬᠦ ᠬᠤᠰᠢᠭᠤᠨ ᠤ ᠺᠠᠳ᠋ᠷ ᠤᠯᠠᠨ ᠲᠦᠮᠡᠨ ᠪᠠ ᠦᠶᠡᠷ ᠢ ᠰᠡᠷᠭᠡᠶᠢᠯᠡᠨ ᠠᠶᠤᠯ ᠠᠴᠠ ᠠᠪᠤᠷᠠᠬᠤ ᠠᠩᠬᠢ ᠶᠢᠨ ᠭᠡᠰᠢᠭᠦᠳ ᠤᠨ ᠦᠶᠡᠷ ᠠᠴᠠ ᠰᠡᠷᠭᠡᠶᠢᠯᠡᠬᠦ ᠤᠬᠠᠮᠰᠠᠷ ᠪᠠ ᠦᠶᠡᠷ ᠤᠰᠤᠳᠤᠯ ᠠᠴᠠ ᠪᠤᠯᠤᠭᠰᠠᠨ ᠬᠡᠨᠡᠳᠳᠡ ᠶᠢᠨ ᠬᠡᠷᠡᠭ ᠤᠴᠢᠷ ᠢ ᠰᠢᠢᠳᠪᠦᠷᠢᠯᠡᠬᠦ ᠴᠢᠲᠠᠪᠤᠷᠢ ᠶᠢ   ᠲᠡᠭᠡᠭᠰᠢᠯᠡᠬᠦᠯᠬᠦ ᠶᠢᠨ ᠲᠦᠯᠦᠭᠡ 8 ᠰᠠᠷ᠎ᠠ ᠶᠢᠨ 3 ᠤ ᠡᠳᠦᠷ ᠬᠤᠰᠢᠭᠤ ᠦᠶᠡᠷ ᠢ ᠰᠡᠷᠭᠡᠶᠢᠯᠡᠵᠦ ᠭᠠᠩ ᠲᠠᠢ ᠲᠡᠮᠡᠴᠡᠬᠦ ᠵᠢᠯᠤᠭᠤᠳᠬᠤ ᠭᠠᠵᠠᠷ ᠠᠴᠠ ᠭᠠᠯᠠᠭᠤᠲᠦ ᠪᠠᠯᠭᠠᠰᠤᠨ ᠤ ᠪᠦᠯᠬᠦᠮᠲᠡᠯ ᠤᠰᠤᠨ ᠴᠦᠬᠦᠷᠦᠮ ᠳᠤ ᠦᠶᠠᠷ ᠠᠴᠠ ᠰᠡᠷᠭᠡᠶᠢᠯᠡᠨ ᠠᠶᠤᠯ ᠠᠴᠠ ᠵᠠᠶᠢᠯᠠᠭᠤᠯᠬᠤ ᠰᠤᠷᠢᠯᠲᠠ ᠶᠢᠨ ᠠᠵᠢᠯᠯᠠᠭ᠎ᠠ ᠶᠢ ᠵᠤᠬᠢᠶᠠᠨ ᠪᠠᠶᠢᠭᠤᠯᠤᠨ ᠦᠷᠨᠢᠭᠦᠯᠪᠡ᠃ ᠬᠤᠰᠢᠭᠤ ᠲᠡᠳ᠋ ᠲᠠᠷᠤᠭ᠎ᠠ᠂ ᠡᠳ᠋ ᠤᠨ ᠵᠠᠰᠠᠭ ᠤᠨ ᠲᠤᠪᠴᠢᠶᠠᠨ ᠲᠠᠷᠤᠭ᠎ᠠ ᠪᠠᠶᠠᠨᠴᠡᠩᠭᠡᠯ ᠰᠤᠷᠢᠯᠲᠠ ᠶᠢ ᠵᠢᠯᠤᠭᠤᠳᠴᠤ᠂ ᠬᠤᠰᠢᠭᠤ ᠦᠶᠡᠷ ᠢ ᠰᠡᠷᠭᠡᠶᠢᠯᠡᠵᠦ ᠭᠠᠩ ᠲᠠᠢ ᠲᠡᠮᠡᠴᠡᠬᠦ ᠵᠢᠯᠤᠭᠤᠳᠬᠤ ᠭᠠᠵᠠᠷ ᠤᠨ ᠪᠦᠷᠢᠯᠳᠦᠬᠦᠨ ᠪᠠᠶᠢᠭᠤᠯᠭ᠎ᠠ ᠨᠢᠭᠡᠴᠢ ᠶᠢᠨ ᠬᠠᠮᠢᠶ᠎ᠠ ᠪᠦᠬᠦᠢ ᠬᠠᠷᠢᠭᠤᠴᠠᠯᠭᠠᠲᠠᠨ ᠰᠤᠷᠢᠯᠲᠠ ᠳᠤ ᠤᠷᠤᠯᠴᠠᠪᠠ᠃      ᠠᠵᠢᠯᠯᠠᠭ᠎ᠠ ᠳᠤ ᠵᠢᠯᠤᠭᠤᠳᠬᠤ ᠭᠠᠵᠠᠷ ᠠᠴᠠ ᠰᠡᠷᠡᠮᠵᠢ ᠶᠢᠨ ᠲᠤᠬᠢᠶ᠎ᠠ ᠲᠤᠤᠭᠠᠷᠭᠠᠬᠤ ᠲᠠᠢ ᠵᠡᠷᠭᠡ ᠡᠮ ᠡᠮᠨᠡᠯᠭᠡ᠂ ᠭᠠᠯ ᠰᠡᠷᠭᠡᠶᠢᠯᠡᠬᠦ ᠠᠩᠭᠢ ᠪᠠ ᠦᠶᠡᠷ ᠢ ᠰᠡᠷᠭᠡᠶᠢᠯᠡᠵᠦ ᠠᠶᠤᠯ ᠠᠴᠠ ᠠᠪᠤᠷᠠᠬᠤ ᠠᠩᠭᠢ ᠲᠠᠷᠤᠢ ᠲᠦᠷᠭᠡᠨ ᠬᠦᠳᠡᠯᠦᠯᠴᠡᠨ ᠨᠢᠭᠡᠲᠦᠭᠡᠷ ᠹᠠᠷᠤᠨᠲ ᠲᠤ ᠬᠦᠷᠴᠦ ᠦᠶᠡᠷ ᠲᠤ ᠭᠠᠰᠢᠭᠳᠠᠭᠰᠠᠳ ᠢ ᠠᠪᠤᠷᠠᠵᠤ᠂ ᠡᠯᠡᠰᠤᠲᠠᠢ ᠤᠭᠤᠲᠠ ᠲᠡᠭᠡᠭᠡᠪᠦᠷᠢᠯᠡᠨ᠂ ᠬᠠᠰᠢᠯᠭ᠎ᠠ ᠶᠢ ᠪᠠᠬᠢᠯᠡᠵᠤ᠂ ᠠᠷᠦ ᠲᠠᠯ᠎ᠠ ᠶᠢᠨ ᠪᠠᠳᠤᠯᠠᠭ᠎ᠠ ᠶᠢᠨ ᠲᠤᠭᠤᠶᠢᠯᠠᠩ ᠭᠠᠮᠰᠢᠭᠳᠠᠭᠰᠠᠨ ᠠᠷᠠᠳ ᠢ ᠨᠡᠭᠦᠯᠭᠡᠨ ᠲᠦᠷ ᠴᠠᠭ ᠲᠦᠪᠬᠢᠨᠡᠭᠦᠯᠬᠦ ᠵᠡᠷᠭᠡ ᠠᠪᠤᠷᠠᠯᠲᠠ ᠶᠢᠨ ᠠᠵᠢᠯ ᠳᠤ ᠭᠠᠪᠰᠢᠭᠠᠶᠢᠯᠠᠨ ᠤᠷᠤᠯᠴᠠᠵᠦ᠂ ᠠᠪᠤᠷᠠᠯᠳᠠ ᠶᠢᠨ ᠠᠵᠢᠯ ᠤᠳ ᠢ ᠨᠠᠷᠢᠯᠢᠭ ᠲᠤᠬᠢᠷᠠᠭᠤᠯᠤᠨ ᠡᠷᠴᠢᠮᠲᠠᠢ ᠬᠢᠵᠦ ᠰᠤᠷᠢᠯᠲᠠ ᠨᠢ ᠪᠤᠯᠪᠠᠰᠤᠷᠠᠩᠭᠤᠢ ᠪᠦᠭᠡᠳ ᠡᠮᠬᠢ ᠴᠡᠭᠴᠨᠳᠡᠢ ᠶᠠᠪᠤᠭᠳᠠᠵᠤ᠂ ᠦᠶᠠᠷ ᠢ ᠰᠡᠷᠭᠡᠶᠢᠯᠡᠵᠦ ᠠᠶᠤᠯ ᠠᠴᠠ ᠵᠡᠶᠢᠯᠠᠭᠤᠯᠬᠤ ᠰᠤᠷᠢᠯᠲᠠ ᠲᠤᠮᠳᠠᠬᠢ ᠠᠮᠢᠳᠤᠯᠢᠭ ᠴᠢᠨᠠᠷ᠂ ᠰᠢᠨᠵᠢᠯᠡᠬᠦ ᠤᠬᠠᠭᠠᠨᠴᠢ ᠴᠢᠨᠠᠷ ᠪᠠ ᠭᠡᠨᠡᠳᠲᠡ ᠶᠢᠨ ᠪᠠᠶᠢᠲᠠᠯ ᠢ ᠰᠢᠢᠳᠪᠦᠷᠢᠯᠡᠬᠦ ᠴᠢᠲᠠᠪᠤᠷᠢ ᠶᠢ ᠲᠡᠭᠡᠭᠰᠢᠯᠡᠭᠦᠯᠭᠦ ᠶᠢᠨ ᠬᠠᠮᠲᠦ ᠰᠡᠷᠭᠡᠶᠢᠯᠡᠯᠲᠡ ᠶᠢᠨ ᠲᠦᠰᠦᠪ ᠤᠨ ᠲᠤᠭᠲᠠᠯᠴᠠᠭ᠎ᠠ ᠶᠢ ᠤᠯᠠᠮ ᠨᠢᠭᠡ ᠠᠯᠬᠤᠮ ᠪᠦᠷᠢᠠᠰᠢᠭᠦᠯᠵᠦ ᠰᠡᠷᠭᠡᠶᠢᠯᠡᠯᠲᠡ ᠶᠢᠨ ᠲᠦᠰᠦᠪ ᠤᠨ ᠲᠦᠪ ᠴᠢᠩᠭ᠎ᠠ ᠴᠢᠨᠠᠷ᠂ ᠴᠢᠭᠯᠡᠯᠳᠤ ᠴᠢᠨᠠᠷ ᠪᠠ ᠠᠵᠢᠯᠯᠠᠭᠠᠳᠤ ᠴᠢᠨᠠᠷ ᠢ ᠨᠡᠮᠡᠭᠲᠡᠭᠦᠯᠦᠭᠰᠡᠨ ᠪᠠᠶᠢᠨ᠎ᠠ᠃      ᠠᠵᠢᠯᠯᠠᠭ᠎ᠠ ᠪᠠᠷ ᠲᠠᠮᠵᠢᠨ ᠰᠤᠷᠢᠯᠳᠠ ᠳᠤ ᠤᠷᠤᠯᠴᠠᠭᠰᠠᠳ ᠦᠪᠡᠷ ᠤᠨ ᠠᠵᠢᠯ ᠤᠨ ᠬᠠᠷᠢᠭᠤᠴᠠᠯᠭ᠎ᠠ ᠪᠠ ᠪᠤᠳᠠᠳᠠᠢ ᠶᠠᠪᠤᠴᠠ ᠶᠢ ᠪᠤᠯᠪᠠᠰᠤᠷᠠᠩᠭᠤᠢ ᠡᠵᠡᠮᠰᠢᠨ ᠡᠯ᠎ᠡ ᠰᠠᠯᠠᠭ᠎ᠠ ᠮᠦᠴᠢᠷ ᠬᠤᠭᠤᠷᠤᠨᠲᠤ ᠪᠠᠨ ᠬᠠᠷᠢᠯᠴᠠᠨ ᠬᠠᠮᠵᠢᠯᠴᠠᠨ ᠬᠠᠷᠢᠯᠴᠠᠨ ᠬᠠᠪᠰᠤᠷᠠᠯᠴᠠᠵᠤ ᠭᠠᠮᠰᠢᠭ ᠲᠤᠯᠭᠠᠷᠠᠪᠠᠯ ᠭᠡᠷᠬᠢᠨ ᠰᠢᠢᠳᠪᠦᠷᠢᠯᠡᠬᠦ ᠲᠤᠬᠠᠢ ᠲᠤᠷᠰᠢᠯᠭ᠎ᠠ ᠬᠤᠷᠠᠮᠳᠤᠭᠤᠯᠤᠨ᠂ ᠪᠤᠷᠤᠭᠠᠨ ᠶᠡᠭᠡᠳᠡᠢ ᠤᠯᠠᠷᠢᠯ ᠳᠤ ᠦᠶᠡᠷ ᠤᠨ ᠭᠠᠮᠰᠢᠭ ᠡᠭᠦᠰᠪᠡᠯ ᠲᠠᠷᠤᠢ ᠲᠦᠷᠭᠡᠨ ᠬᠦᠳᠡᠯᠦᠯᠴᠡᠨ ᠠᠶᠤᠯ ᠠᠴᠠ ᠵᠠᠶᠢᠯᠠᠭᠤᠯᠵᠦ ᠰᠠᠯᠬᠢ ᠪᠤᠷᠤᠭᠠᠨ ᠢ ᠬᠠᠶᠢᠬᠤᠷᠠᠯ ᠦᠭᠡᠢ ᠠᠪᠤᠷᠠᠯᠲᠠ ᠶᠢᠨ ᠠᠵᠢᠯ ᠳᠤ ᠰᠢᠭᠤᠷᠬᠠᠶᠢᠯᠠᠨ ᠤᠷᠤᠯᠴᠠᠵᠦ ᠠᠷᠠᠳ ᠲᠦᠮᠡᠨ ᠤ ᠠᠮᠢ ᠨᠠᠰᠤ ᠡᠳ᠋ ᠬᠦᠷᠦᠩᠭᠡ ᠶᠢᠨ ᠬᠤᠬᠢᠷᠠᠯ ᠢ ᠬᠠᠮᠤᠭ ᠪᠠᠭ᠎ᠠ ᠬᠡᠮᠵᠢᠶᠠᠨ ᠳᠤ ᠲᠤᠯᠳᠠᠯ᠎ᠠ ᠪᠠᠭᠠᠰᠬᠠᠨ ᠠᠷᠠᠳ ᠲᠦᠮᠡᠨ ᠤ ᠠᠰᠢᠭ ᠲᠤᠰᠠ ᠶᠢ ᠬᠠᠮᠤᠭ ᠶᠡᠭᠡ ᠬᠡᠮᠵᠢᠶᠠᠨ ᠳᠤ ᠲᠤᠯᠳᠠᠯ᠎ᠠ ᠪᠠᠳᠤᠯᠠᠬᠤ ᠴᠢᠳᠠᠪᠤᠷᠢ ᠶᠢ ᠨᠡᠮᠡᠭᠳᠡᠬᠦᠯᠦᠭᠰᠡᠨ ᠪᠠᠶᠢᠨ᠎ᠠ᠃
 
ᠢᠷᠡᠯᠲᠡ᠄ ︽ᠨᠣᠮᠢᠨ ᠳᠠᠩᠰᠤᠭ ᠦᠣᠰᠢᠨ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号