ᠮᠠᠨ ᠤ ᠬᠤᠰᠢᠭᠤ ᠬᠤᠭᠤᠯᠠ ᠪᠤᠳᠠᠭᠠᠨ ᠤ ᠬᠠᠶᠠᠭᠳᠠᠮᠠᠯ ᠢ ᠴᠡᠪᠡᠷ ᠡᠨᠧᠷᠬᠢ ᠪᠠ ᠪᠤᠷᠳᠤᠭᠤᠷ ᠪᠤᠯᠭᠠᠨ ᠠᠰᠢᠭᠯᠠᠵᠤ ᠪᠠᠶᠢᠨ᠎ᠠ
ᠨᠡᠶᠢᠲᠡᠯᠡᠭᠰᠡᠨ ᠴᠠᠭ᠄
2018-08-13
     ᠮᠠᠨ ᠤ ᠬᠤᠰᠢᠭᠤ ᠬᠠᠳᠠᠭᠤ ᠪᠠᠶᠠᠳᠤ ᠬᠠᠶᠠᠭᠳᠠᠮᠠᠯ ᠪᠤᠳᠠᠰ ᠢ ᠬᠤᠤᠷ ᠬᠦᠨᠦᠬᠡᠯ ᠦᠬᠡᠢ ᠮᠦᠷᠳᠡᠬᠡᠨ ᠡᠬᠢ ᠪᠠᠶᠠᠯᠢᠭᠵᠢᠭᠤᠯᠤᠨ ᠠᠰᠢᠭᠯᠠᠬᠤ ᠶᠢᠨ ᠲᠦᠯᠦᠬᠡ ᠬᠤᠭᠤᠯᠠ ᠪᠤᠳᠠᠭᠠᠨ ᠤ ᠬᠠᠶᠠᠭᠳᠠᠮᠠᠯ ᠢ ᠰᠢᠢᠳᠪᠤᠷᠢᠯᠡᠬᠦ ᠲᠦᠷᠦᠯ ᠵᠦᠢᠯ ᠢ ᠪᠠᠶᠢᠭᠤᠯᠵᠤ ᠬᠤᠭᠤᠯᠠ ᠪᠤᠳᠠᠭᠠᠨ ᠤ ᠬᠠᠶᠠᠭᠳᠠᠮᠠᠯ ᠢ ᠴᠡᠪᠡᠷ ᠡᠨᠧᠷᠬᠢ ᠪᠠ ᠪᠤᠷᠳᠤᠭᠤᠷ ᠪᠤᠯᠭᠠᠨ ᠠᠰᠢᠭᠯᠠᠵᠤ ᠪᠠᠶᠢᠨ᠎ᠠ᠃      ᠬᠤᠭᠤᠯᠠ ᠪᠤᠳᠠᠭᠠᠨ ᠤ ᠬᠠᠶᠠᠭᠳᠠᠮᠠᠯ ᠢ ᠠᠰᠢᠭᠯᠠᠬᠤ ᠳᠤ ᠬᠤᠭᠤᠯᠠᠨ ᠬᠡᠷ ᠠᠴᠠ ᠬᠤᠷᠢᠶᠠᠵᠤ ᠠᠪᠤᠭᠰᠠᠨ  ᠬᠤᠭᠤᠯᠠ ᠪᠤᠳᠠᠭᠠᠨ ᠤ ᠬᠠᠶᠠᠭᠳᠠᠮᠠᠯ ᠢ ᠬᠤᠭ ᠨᠤᠪᠰᠢ ᠶᠢ ᠰᠢᠢᠳᠪᠤᠷᠢᠯᠡᠬᠦ ᠦᠢᠯᠡᠳᠪᠤᠷᠢ ᠶᠢᠨ ᠬᠤᠭᠤᠯᠠ ᠪᠤᠳᠠᠭᠠᠨ  ᠤ ᠬᠠᠶᠠᠭᠳᠠᠮᠠᠯ ᠢ ᠰᠢᠢᠳᠪᠤᠷᠢᠯᠡᠬᠦ ᠲᠠᠰᠤᠭ ᠲᠤ ᠵᠦᠬᠡᠬᠡᠵᠦ ᠠᠪᠴᠢᠷᠠᠭᠰᠠᠨ ᠤ ᠲᠠᠷᠠᠭ᠎ᠠ ᠬᠤᠭᠤᠯᠠ ᠪᠤᠳᠠᠭᠠᠨ ᠤ ᠬᠠᠶᠠᠭᠳᠠᠮᠠᠯ ᠢ ᠰᠢᠢᠳᠪᠦᠷᠢᠯᠡᠬᠦ ᠲᠦᠭᠦᠭᠡᠷᠦᠮᠵᠢ ᠶᠢ ᠠᠰᠢᠭᠯᠠᠵᠤ ᠬᠤᠭ ᠨᠤᠪᠰᠢ ᠶᠢ ᠡᠷᠬᠢᠯᠳᠦᠬᠦᠯᠦᠨ ᠠᠰᠢᠭᠯᠠᠬᠤ ᠵᠢᠮ᠎ᠠ ᠶᠤᠰᠤ ᠪᠠᠷ ᠡᠬᠢ ᠮᠠᠲ᠋ᠧᠷᠢᠶᠠᠯ ᠤᠨ ᠤᠩᠭᠤᠴᠠᠨ ᠳᠤ ᠬᠢᠵᠦ ᠲᠤᠰᠬᠠᠢ ᠮᠠᠰᠢᠨ ᠤ ᠰᠤᠷᠤᠬᠤ᠂ ᠨᠠᠶᠢᠷᠠᠭᠤᠯᠬᠤ᠂ ᠬᠠᠳᠠᠭᠤ ᠰᠢᠩᠬᠡᠨ ᠢ ᠰᠢᠭᠰᠢᠬᠦ ᠵᠡᠷᠬᠡ ᠶᠠᠪᠤᠴᠠ ᠪᠠᠷ ᠲᠠᠮᠵᠢᠭᠠᠳ ᠬᠠᠳᠠᠭᠤ ᠪᠠᠶᠠᠳᠤ ᠮᠠᠲ᠋ᠧᠷᠢᠶᠠᠯ ᠪᠠ ᠰᠢᠩᠬᠡᠨ ᠪᠠᠶᠠᠳᠤ ᠮᠠᠲ᠋ᠧᠷᠢᠶᠠᠯ ᠪᠤᠯᠭᠠᠨ ᠢᠯᠭᠠᠵᠤ ᠬᠠᠳᠠᠭᠤ ᠪᠠᠶᠠᠳᠤ ᠮᠠᠲ᠋ᠧᠷᠢᠶᠠᠯ ᠢ ᠠᠰᠢᠭᠯᠠᠬᠤ ᠠᠩᠬᠠᠨ ᠤ ᠶᠠᠪᠤᠴᠠ ᠶᠢ ᠪᠡᠶᠡᠯᠡᠭᠦᠯᠵᠤ᠂ ᠰᠢᠭ᠍ᠰᠢᠵᠤ ᠰᠢᠢᠳᠪᠤᠷᠢᠯᠡᠬᠦ ᠪᠠᠷ ᠲᠠᠮᠵᠢᠭᠠᠳ ᠰᠢᠢᠳᠪᠤᠷᠢᠯᠡᠵᠦ ᠭᠠᠷᠭᠠᠭᠰᠠᠨ ᠵᠦᠢᠯᠡᠰ ᠢ ᠴᠠᠬᠢᠯᠭᠠᠨ ᠭᠠᠷᠭᠠᠬᠤ᠂ ᠤᠷᠭᠠᠨᠢᠭ ᠪᠤᠷᠳᠤᠭᠤᠷ᠂ ᠠᠮᠢᠳᠤ ᠪᠤᠳᠠᠰ ᠤᠨ ᠲᠦᠯᠡᠰᠢ ᠶᠢᠨ ᠲᠤᠰᠤ ᠦᠢᠯᠡᠳᠪᠤᠷᠢᠯᠡᠬᠦ ᠡᠬᠢ ᠮᠠᠲ᠋ᠧᠷᠢᠶᠠᠯ ᠪᠤᠯᠭᠠᠳᠠᠭ᠃ ᠢᠩᠬᠢᠭᠰᠡᠨ ᠢᠶᠠᠷ ᠬᠤᠭᠤᠯᠠ ᠪᠤᠳᠠᠭᠠᠨ ᠤ ᠬᠠᠶᠠᠭᠳᠠᠮᠠᠯ ᠢ ᠡᠬᠢ ᠪᠠᠶᠠᠯᠢᠭᠵᠢᠭᠤᠯᠤᠨ ᠠᠰᠢᠭᠯᠠᠬᠤ ᠠᠵᠤ ᠦᠢᠯᠡᠰ ᠤᠨ ᠬᠡᠯᠬᠢᠶ᠎ᠠ ᠶᠢ ᠪᠦᠷᠢᠯᠳᠦᠬᠦᠯᠵᠦ ᠴᠢᠳᠠᠪᠠ᠃      ᠬᠤᠭ ᠨᠤᠪᠰᠢ ᠶᠢ ᠰᠢᠢᠳᠪᠤᠷᠢᠯᠡᠬᠦ ᠦᠢᠯᠡᠳᠪᠤᠷᠢ ᠶᠢᠨ ᠬᠤᠭᠤᠯᠠ ᠪᠤᠳᠠᠭᠠᠨ ᠤ ᠬᠠᠶᠠᠭᠳᠠᠮᠠᠯ ᠢ ᠰᠢᠢᠳᠪᠤᠷᠢᠯᠡᠬᠦ ᠲᠦᠬᠦᠬᠡᠷᠦᠮᠵᠢ ᠶᠢᠨ ᠨᠡᠶᠢᠳᠡ ᠪᠡᠯᠡ ᠤᠷᠤᠭᠤᠯᠤᠯᠳᠠ ᠨᠢ 2100 ᠲᠦᠮᠡᠨ ᠲᠦᠬᠦᠷᠢᠭ ᠪᠠᠶᠢᠵᠤ᠂ ᠲᠡᠬᠡᠷ᠎ᠡ ᠵᠢᠯ ᠤᠨ 10 ᠳ᠋ᠤᠭᠠᠷ ᠰᠠᠷ᠎ᠠ ᠳᠤ ᠬᠡᠷᠡᠭᠯᠡᠯᠳᠡ ᠳᠤ ᠤᠷᠤᠵᠠᠢ᠃ ᠲᠤᠰ ᠲᠦᠬᠦᠬᠡᠷᠦᠮᠵᠢ ᠨᠢ ᠤᠳᠤ ᠡᠳᠦᠷ  ᠲᠤ 20 ᠲᠤᠨ ᠬᠤᠭᠤᠯᠠ ᠪᠤᠳᠠᠭᠠᠨ ᠤ ᠬᠠᠶᠠᠭᠳᠠᠮᠠᠯ ᠢ ᠰᠢᠢᠳᠪᠤᠷᠢᠯᠡᠵᠦ᠂ ᠡᠷᠬᠢᠯᠳᠦᠬᠦᠯᠦᠨ ᠠᠰᠢᠭᠯᠠᠬᠤ ᠨᠤᠷᠮ᠎ᠠ  ᠨᠢ 95% ᠳᠤ ᠬᠦᠷᠴᠦ ᠬᠤᠭᠤᠯᠠ ᠪᠤᠳᠠᠭᠠᠨ ᠤ ᠬᠠᠶᠠᠭᠳᠠᠮᠠᠯ ᠢ ᠡᠷᠳᠡᠨᠢ ᠪᠤᠯᠭᠠᠨ ᠠᠰᠢᠭᠯᠠᠬᠤ ᠶᠢ ᠪᠠᠶᠠᠯᠠᠬᠦᠯᠦᠯ᠎ᠠ᠃ ᠡᠭᠦᠨ ᠤ ᠬᠠᠮᠲᠤ ᠬᠤᠭ ᠨᠤᠪᠰᠢ ᠶᠢ ᠰᠢᠢᠳᠪᠤᠷᠢᠯᠡᠬᠦ ᠦᠢᠯᠡᠳᠪᠤᠷᠢ ᠬᠤᠭᠤᠯᠠ ᠪᠤᠳᠠᠭᠠᠨ ᠤ ᠬᠠᠶᠠᠭᠳᠠᠮᠠᠯ ᠢ ᠵᠤᠬᠢᠰᠳᠠᠢ ᠰᠢᠢᠳᠪᠤᠷᠢᠯᠡᠵᠦ ᠲᠤᠬᠢᠷᠠᠮᠵᠢᠳᠠᠢ ᠠᠰᠢᠭᠯᠠᠬᠤ ᠶᠢᠨ ᠲᠦᠯᠦᠬᠡ ᠲᠤᠰᠬᠠᠢ ᠰᠤᠳᠤᠯᠭᠠᠨ ᠤ ᠪᠠᠶᠢᠭᠤᠯᠤᠮᠵᠢ  ᠲᠠᠢ ᠬᠠᠮᠳᠤᠷᠠᠨ ᠰᠤᠳᠤᠯᠭᠠᠨ ᠤ ᠬᠦᠷᠢᠶᠠᠯᠠᠩ ᠪᠠᠶᠢᠭᠤᠯᠵᠤ ᠬᠠᠳᠠᠭᠤ ᠪᠠᠶᠠᠳᠤ ᠬᠠᠶᠠᠭᠳᠠᠮᠠᠯ ᠢ ᠡᠷᠬᠢᠯᠳᠦᠬᠦᠯᠦᠨ ᠠᠰᠢᠭᠯᠠᠵᠤ ᠪᠤᠢ᠃
 
ᠢᠷᠡᠯᠲᠡ᠄ ᠦᠤᠰᠢᠨ ᠬᠤᠰᠢᠭᠤᠨ ᠤ ᠷᠠᠳᠢᠤ᠋ ᠲᠧᠯᠸᠢᠰ ᠦᠢᠯᠡᠴᠢᠯᠡᠭᠡᠨ ᠤ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号