ᠵᠢᠷᠬᠢᠶ᠎ᠡ ᠶᠢᠨ ᠦᠷᠭᠡᠵᠢᠨ ᠬᠦᠭᠵᠢᠬᠦ ᠶᠢ ᠲᠠᠭᠠᠯᠳᠤᠨ ᠬᠦᠮᠥᠰ ᠬᠤᠯᠪᠤᠭ᠎ᠠ ᠪᠠᠶᠢᠭᠤᠯᠤᠨ ᠨᠡᠶᠢᠭᠡᠮ ᠨᠠᠶᠢᠳᠠ | ᠳᠤ ᠠᠰᠢᠭᠳᠠᠢ ᠵᠥᠪ ᠡᠨᠧᠷᠭᠢ ᠶᠢ ᠲᠠᠮᠵᠢᠭᠤᠯᠬᠤ ᠠᠵᠢᠯᠯᠠᠭ᠎ᠠ ᠶᠢ ᠦᠷᠨᠢᠭᠦᠯᠭᠦ ᠨᠢ ᠤᠯᠠᠰᠢᠷᠠᠵᠠᠢ᠃ ᠣᠶᠢᠷ᠎ᠠ ᠶᠢᠨ | ᠡᠳᠣᠷ ︽ᠮᠤᠩᠭᠤᠯᠵᠢᠨ ᠭᠤᠸ᠎ᠠ︾ ᠵᠢᠷᠬᠢᠶ᠎ᠠ ᠶᠢᠨ ᠬᠤᠯᠪᠤᠭ᠎ᠠ ᠨᠢ ᠲᠦᠩᠯᠢᠶᠤᠤ ᠬᠤᠳᠠ ᠶᠢᠨ ᠵᠠᠷᠣᠳ ᠬᠤᠰᠢᠭᠤᠨ | ᠳᠤ ᠬᠤᠪᠴᠠᠰᠤ ᠬᠤᠨᠠᠷ ᠬᠠᠨᠳᠢᠪᠯᠠᠬᠤ ᠠᠵᠢᠯᠯᠠᠭ᠎ᠠ ᠦᠷᠨᠢᠭᠦᠯᠣᠨ ᠨᠡᠶᠢᠭᠡᠮ ᠳᠤ ᠲᠤᠰᠠ ᠨᠡᠮᠡᠷᠢ ᠦᠵᠡᠭᠦᠯᠪᠡ᠃ | ︽ᠮᠤᠩᠭᠤᠯᠵᠢᠨ ᠭᠤᠸ᠎ᠠ︾ ᠵᠢᠷᠬᠢᠶ᠎ᠡ ᠶᠢᠨ ᠬᠤᠯᠪᠤᠭ᠎ᠠ ᠨᠢ 2012 ᠤᠨ ᠳᠤ ᠪᠠᠶᠢᠭᠤᠯᠤᠭᠳᠠᠵᠤ ᠦᠤᠰᠢᠨ᠂ | ᠤᠳᠤᠭ᠂ ᠤᠳᠤᠭ ᠤᠨ ᠡᠮᠤᠨᠠᠳᠤ᠂ ᠬᠠᠩᠬᠢᠨ ᠵᠡᠷᠬᠡ ᠬᠤᠰᠢᠭᠤᠨ ᠤ ᠪᠤᠶᠠᠨᠰᠠᠭ ᠰᠡᠳᠬᠢᠯ ᠲᠠᠢ 500 ᠭᠠᠷᠤᠢ | ᠡᠮᠡᠭᠲᠡᠶᠢᠴᠤᠳ ᠢᠶᠠᠷ ᠪᠦᠷᠢᠯᠳᠥᠭᠰᠡᠨ ᠰᠠᠶᠢᠨ ᠲᠤᠷᠠᠴᠤᠳ ᠤᠨ ᠬᠤᠯᠪᠤᠭ᠎ᠠ ᠪᠤᠯᠤᠨ᠎ᠠ᠃ ᠵᠢᠷᠬᠢᠶ᠎ᠡ ᠶᠢᠨ ᠬᠤᠯᠪᠤᠭ᠎ᠠ | ᠪᠠᠶᠢᠭᠤᠯᠤᠭᠳᠠᠭᠰᠠᠨ ᠴᠠᠭ ᠠᠴᠠ ᠡᠬᠢᠯᠡᠭᠡᠳ ᠤᠳᠤ ᠪᠣᠯᠳᠠᠯ᠎ᠠ ᠬᠤᠯᠪᠤᠭᠠᠨ ᠤ ᠠᠬᠠᠯᠠᠭᠴᠢ ᠪᠠᠳᠮ᠎ᠠ ᠶᠢᠨ ᠤᠷᠢᠶᠠᠯᠠᠭ᠎ᠠ | ᠪᠠᠷ ᠬᠤᠯᠪᠤᠭᠠᠨ ᠤ ᠬᠦᠮᠦᠰ ᠤᠯᠠᠨ ᠣᠳᠠᠭᠠᠨ ᠤ ᠪᠣᠶᠠᠨᠰᠠᠭ ᠠᠵᠢᠯᠯᠠᠭ᠎ᠠ ᠶᠢ ᠵᠤᠬᠢᠶᠠᠨ ᠪᠠᠶᠢᠭᠤᠯᠤᠨ ᠦᠷᠨᠢᠭᠦᠯᠪᠡ᠃ | ᠡᠨᠡ ᠤᠳᠠᠭ᠎ᠠ ︽ᠮᠤᠩᠭᠤᠯᠵᠢᠨ ᠭᠤᠸ᠎ᠠ︾ ᠵᠢᠷᠬᠢᠶᠡᠨ ᠤ ᠬᠤᠯᠪᠤᠭ᠎ᠠ ᠶᠢᠨ ᠬᠢᠨ ᠲᠦᠩᠯᠢᠶᠤᠤ ᠬᠤᠳᠠ ᠶᠢᠨ | ᠵᠠᠷᠣᠳ ᠬᠤᠰᠢᠭᠤᠨ ᠤ ᠮᠠᠯᠴᠢᠨ ᠲᠠᠷᠢᠶᠠᠴᠢᠣᠨ ᠲᠤ ᠭᠤᠷᠪᠠᠨ ᠮᠢᠩᠭ᠎ᠠ ᠭᠠᠷᠤᠢ ᠵᠠᠬ᠎ᠠ ᠬᠤᠪᠴᠠᠰᠤ ᠬᠠᠨᠳᠢᠪᠯᠠᠨ᠂ | ᠶᠠᠳᠠᠭᠤ ᠬᠦᠴᠢᠷᠳᠡᠯᠳᠡᠢ ᠣᠯᠡᠨ ᠳᠦᠮᠡᠨ ᠳᠤ ᠬᠠᠪᠰᠤᠷᠤᠯᠭ᠎ᠠ ᠲᠡᠮᠵᠢᠯᠭᠡ ᠦᠵᠡᠭᠦᠯᠣᠨ ᠨᠡᠶᠢᠭᠡᠮ ᠤᠨ ᠡᠯ᠎ᠡ | ᠡᠳᠡᠭᠡᠳ ᠤᠨ ᠬᠦᠮᠦᠰ ᠢ ᠲᠠᠶᠢᠴᠢᠯᠠᠵᠤ ᠨᠡᠩ ᠤᠯᠠᠨ ᠬᠦᠮᠦᠰ ᠪᠤᠶᠠᠨ ᠤ ᠠᠵᠢᠯᠯᠠᠭ᠎ᠠ ᠳᠤ ᠤᠷᠤᠯᠴᠠᠬᠤ ᠶᠢ | ᠤᠷᠢᠶᠠᠯᠠᠵᠠᠢ᠃ | |