ᠤᠯᠠᠭᠠᠨᠳᠤᠯᠤᠭᠠᠢ ᠪᠠᠯᠭᠠᠰᠤᠨ ᠤ ᠪᠠᠶᠠᠨᠰᠢᠯᠢ ᠭᠠᠴᠠᠭᠠᠨ ᠤ ᠬᠢᠨ ︽ᠭᠦᠳᠡᠭᠡ ᠲᠤᠰᠬᠤᠨ ᠪᠤᠯ ᠮᠢᠨᠤ ᠨᠤᠳᠤᠭ᠂ ᠠᠷᠢᠭᠤᠨ ᠴᠡᠪᠡᠷ ᠨᠢ ᠳᠠ ᠪᠢᠳᠡᠡ ᠳᠤ ᠲᠥᠰᠢᠭᠯᠡᠨ᠎ᠠ︾ ᠭᠡᠬᠦ ᠭᠤᠤᠯ ᠰᠡᠳᠤᠪᠳᠤ ᠰᠠᠶᠢᠨ ᠲᠤᠷ ᠎ᠠ ᠶᠢᠨ ᠤᠢᠢᠯᠡᠴᠢᠯᠡᠭᠡᠨ ᠤ ᠠᠵᠢᠯᠯᠠᠭ᠎ᠠ ᠶᠢ ᠦᠷᠨᠢᠬᠦᠯᠪᠡ
ᠨᠡᠶᠢᠲᠡᠯᠡᠭᠰᠡᠨ ᠴᠠᠭ᠄
2018-08-17
     ᠤᠢᠢᠷ᠎ᠠ ᠶᠢᠨ ᠡᠳᠤᠷ ᠤᠯᠠᠭᠠᠨᠳᠤᠯᠤᠭᠠᠢ ᠪᠠᠯᠭᠠᠰᠤᠨ ᠤ ᠪᠠᠶᠠᠨᠰᠢᠯᠢ ᠭᠠᠴᠠᠭᠠᠨ ᠤ ᠬᠢᠨ ᠬᠦᠳᠡᠭᠡ ᠲᠤᠰᠬᠤᠨ ᠢ ᠭᠦᠭᠵᠢᠭᠦᠯᠤᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢ ᠴᠤᠤᠷᠢᠶᠠᠳᠤᠨ᠂ ᠮᠠᠯᠵᠢᠬᠤ ᠲᠠᠷᠢᠶᠠᠯᠠᠬᠤ ᠤᠷᠤᠨ ᠤ ᠮᠠᠯᠴᠢᠨ ᠳᠠᠷᠢᠶᠠᠴᠢᠳ ᠤᠨ ᠤᠷᠤᠰᠢᠨ ᠠᠮᠢᠳᠤᠷᠠᠬᠤ ᠤᠷᠴᠢᠨ ᠲᠤᠭᠤᠷᠢᠨ ᠤ ᠬᠢᠷᠢ ᠲᠦᠪᠰᠢᠨ ᠢ ᠤᠯᠠᠮ ᠨᠢᠬᠡ ᠠᠯᠬᠤᠮ ᠲᠡᠭᠡᠭᠰᠢᠯᠡᠭᠦᠯᠵᠤ᠂ ᠮᠠᠯᠴᠢᠨ ᠲᠠᠷᠢᠶᠠᠴᠢᠳ ᠲᠤ ᠨᠢᠬᠡᠨ ᠲᠠᠭᠠᠯᠠᠮᠵᠢᠳᠡᠢ ᠤᠷᠴᠢᠨ ᠠᠬᠤᠢ ᠶᠢ ᠴᠢᠷᠮᠡᠶᠢᠨ ᠪᠦᠷᠢᠯᠳᠦᠭᠦᠯᠬᠦ ᠶᠢᠨ ᠲᠦᠯᠤᠬᠡ᠂ ᠨᠢᠭᠡ ᠪᠦᠯᠦᠭ ᠡᠮᠡᠭᠳᠡᠶᠢᠴᠤᠳ ᠤᠨ ᠰᠠᠶᠢᠨ ᠲᠤᠷᠠᠴᠤᠳ ︽ᠭᠦᠳᠡᠭᠡ ᠲᠤᠰᠬᠤᠨ ᠪᠤᠯ ᠮᠢᠨᠤ ᠨᠤᠳᠤᠭ᠂ ᠠᠷᠢᠭᠤᠨ ᠴᠡᠪᠡᠷ ᠨᠢ ᠳᠠ ᠪᠢᠳᠡᠡ ᠳᠤ ᠲᠥᠰᠢᠭᠯᠡᠨ᠎ᠠ︾ ᠭᠡᠬᠦ ᠭᠤᠤᠯ ᠰᠡᠳᠤᠪᠳᠤ ᠰᠠᠶᠢᠨ ᠲᠤᠷ ᠎ᠠ ᠶᠢᠨ ᠤᠢᠢᠯᠡᠴᠢᠯᠡᠭᠡᠨ ᠤ ᠠᠵᠢᠯᠯᠠᠭ᠎ᠠ ᠶᠢ ᠦᠷᠨᠢᠬᠦᠯᠪᠡ᠃ ᠠᠷᠪᠠᠭᠠᠳ ᠡᠮᠡᠭᠳᠡᠶᠢᠴᠤᠳ ᠠᠭᠠᠬᠢᠮ᠎ᠠ ᠬᠠᠯᠠᠭᠤᠨ ᠢ ᠬᠠᠶᠢᠬᠤᠷᠤᠯ ᠦᠬᠡᠢ ᠭᠠᠴᠠᠭ᠎ᠠ ᠤᠷᠤᠭᠤ ᠨᠡᠪᠳᠡᠷᠡᠭᠦ ᠵᠠᠮ ᠵᠢᠴᠢ ᠭᠤᠤᠯᠳᠠᠯᠭ᠎ᠠ ᠲᠠᠢ ᠤᠷᠤᠨ ᠪᠦᠰᠡ ᠶᠢ ᠴᠡᠪᠡᠷᠯᠡᠪᠡ᠃
   
           ᠲᠤᠰ ᠤᠳᠠᠭᠠᠨ ᠤ ᠠᠵᠢᠯᠯᠠᠭ᠎ᠠ ᠪᠠᠷ ᠲᠠᠮᠵᠢᠨ᠂ ᠤᠷᠴᠢᠨ ᠲᠤᠭᠤᠷᠢᠨ ᠢ ᠴᠡᠪᠡᠷᠰᠢᠬᠦᠯᠦᠭᠰᠡᠡ ᠢᠶᠠᠷ ᠪᠠᠷᠠᠬᠤ ᠦᠬᠡᠢ᠂ ᠲᠡᠳᠡᠨ ᠤ ᠪᠤᠯᠪᠠᠰᠤᠨ ᠤ ᠤᠬᠠᠮᠰᠠᠷ᠂ ᠤᠷᠴᠢᠨ ᠲᠤᠭᠤᠷᠢᠨ ᠢ ᠬᠠᠮᠠᠭᠠᠯᠠᠬᠤ ᠳᠠᠨᠢᠯᠳᠠ ᠶᠢ ᠴᠢᠩᠭᠠᠳᠬᠠᠨ᠂ ᠴᠡᠪᠡᠷ ᠳᠡᠭᠰᠢᠬᠡᠨ ᠤᠷᠴᠢᠨ ᠲᠤᠭᠤᠷᠢᠨ ᠢ ᠢᠳᠡᠪᠬᠢᠳᠡᠢ ᠪᠦᠷᠢᠯᠳᠦᠬᠦᠯᠤᠨ ᠤᠯᠠᠭᠠᠨᠳᠤᠯᠤᠭᠠᠢ ᠪᠠᠯᠭᠠᠰᠤᠨ ᠤ ᠬᠤᠵᠢᠮ ᠤᠨ ᠭᠦᠳᠡᠭᠡ ᠲᠤᠰᠬᠤᠨ ᠤ ᠤᠷᠴᠢᠨ ᠲᠤᠭᠤᠷᠢᠨ ᠤ ᠠᠷᠢᠭᠤᠨ ᠴᠡᠪᠡᠷ ᠢ ᠠᠬᠢᠭᠤᠯᠬᠤ ᠠᠵᠢᠯ ᠳᠤ ᠰᠠᠭᠤᠷᠢ ᠲᠠᠯᠪᠢᠬᠰᠠᠠ ᠪᠠᠶᠢᠨ᠎ᠠ᠃  
 
ᠢᠷᠡᠯᠲᠡ᠄ ᠤᠷᠳᠤᠰ ᠮᠤᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号