ᠤᠪᠤᠭᠠᠠ ᠳᠤ ︽ᠴᠢᠯᠠᠭᠤ︾ ᠨᠡᠮᠡᠭᠰᠡᠨ ᠨᠢ
ᠨᠡᠶᠢᠲᠡᠯᠡᠭᠰᠡᠨ ᠴᠠᠭ᠄
2018-08-07
     ᠦᠤᠰᠢᠨ ᠬᠤᠰᠢᠭᠤ ᠪᠤᠯ ︽ᠳᠤᠮᠳᠠᠳᠤ ᠤᠯᠤᠰ ᠤᠨ ᠤᠪᠤᠭᠠᠨ ᠰᠤᠶᠤᠯ ᠤᠨ ᠦᠯᠦᠬᠡᠢ︾ ᠪᠢᠯᠡ᠃ ᠡ᠊ᠨᠳᠡ ︽ᠨᠤᠮ ᠤᠨ ᠤᠪᠤᠭ᠎ᠠ︾ ᠬᠡᠵᠤ ᠦᠪᠡᠷᠮᠢᠴᠡ ᠤᠨᠴᠠᠯᠢᠬ ᠲᠠᠢ ᠤᠪᠤᠭ᠎ᠠ ᠪᠤᠰᠴᠤ᠂ ᠤᠪᠤᠭᠠᠨ ᠤ ᠨᠢᠬᠡ ᠴᠢᠯᠠᠭᠤᠨ ᠳᠡᠬᠡᠷ᠎ᠡ ᠨᠢᠬᠡ ᠨᠤᠮ ᠤᠨ ᠨᠡᠷ᠎ᠡ ᠰᠠᠶᠢᠯᠵᠤ ᠪᠦᠳᠦᠭᠡᠭᠰᠡᠨ ᠭᠠᠶᠢᠬᠠᠮᠰᠢᠬᠳᠤ ᠤᠪᠤᠭ᠎ᠠ ᠪᠤᠯᠵᠠᠢ᠃ ᠤᠯᠠᠭᠠᠨᠳᠤᠯᠤᠭᠠᠢ ᠪᠠᠯᠭᠠᠰᠤ ᠶᠢᠨ ᠪᠠᠶᠠᠨᠰᠢᠯᠢ ᠭᠠᠴᠠᠭᠠᠨ ᠤ ᠭᠤᠷᠪᠡᠨ ᠬᠤᠳᠳᠤᠬ ᠤᠨ ᠰᠢᠯᠢ ᠳᠤ ︽ᠪᠢᠯᠢᠭ ᠤᠨ ᠰᠠᠩ︾ ᠨᠤᠮ ᠤᠨ ᠤᠪᠤᠭ᠎ᠠ ᠰᠦᠨᠳᠡᠷᠯᠡᠵᠤ ᠰᠤᠳᠤᠷ ᠨᠤᠮ ᠤᠨ ᠰᠢᠮ᠎ᠡ ᠬᠦᠴᠦᠨ ᠨᠤᠳᠤᠬ ᠤᠰᠤ ᠬᠦᠮᠦᠨ ᠠᠷᠡᠳ ᠢᠶᠠᠨ ᠤᠮᠳᠠᠯᠠᠵᠤ ᠡᠴᠢᠨ᠎ᠠ ᠤᠷᠢᠳᠤ ᠶᠢᠨ ᠦᠯᠢᠬᠡᠷ ᠳᠤᠮᠤᠬ ᠬᠦᠤᠷᠨᠢᠨ᠎ᠡ᠃      ︽ᠪᠢᠯᠢᠭ ᠤᠨ ᠰᠠᠩ︾ ᠨᠤᠮ ᠤᠨ ᠤᠪᠤᠭ᠎ᠠ ᠶᠢ ᠪᠠᠶᠠᠨᠰᠢᠯᠢ ᠭᠠᠴᠠᠭᠠᠨ ᠤ ᠮᠠᠯᠴᠢᠨ ᠪᠠᠰᠤᠳ ᠤᠪᠤᠬᠳᠤ ᠠᠯᠳᠡᠡᠪᠢᠯᠢᠭ ᠤᠨ ᠬᠢᠨ ᠡᠬᠦᠰᠬᠡᠨ ᠪᠠᠶᠢᠭᠤᠯᠤᠬᠰᠠᠨ ᠪᠠᠶᠢᠨ᠎ᠠ᠃ ᠳᠡᠷᠡ ᠨᠢ ᠮᠤᠩᠭᠤᠯ ᠨᠤᠮ ᠤᠨ ᠳᠠᠬᠢᠯᠭ᠎ᠠ ᠶᠢᠨ ᠤᠷᠳᠤᠨ᠂ ᠨᠤᠮ ᠤᠨ ᠤᠪᠤᠭ᠎ᠠ᠂ ᠪᠢᠯᠢᠭ ᠤᠨ ᠰᠠᠩ ᠮᠤᠩᠭᠤᠯ ᠨᠤᠮ ᠬᠡᠪᠯᠡᠯ ᠤᠨ ᠮᠦᠽᠸᠢ᠂ ᠮᠠᠯᠴᠢᠨ ᠠᠶᠢᠯ ᠤᠨ ᠰᠤᠶᠤᠯ ᠵᠤᠭᠠᠴᠠᠯ ᠤᠨ ᠭᠠᠵᠠᠷ᠂ ᠮᠤᠷᠢᠨ ᠤᠷᠤᠯᠳᠤᠭᠠᠨ ᠤ ᠳᠠᠯᠠᠪᠠᠢ ᠵᠡᠷᠬᠡ ᠪᠠᠷ ᠪᠦᠷᠢᠯᠳᠦᠵᠤ᠂ ᠦᠤᠰᠢᠨ ᠨᠤᠳᠤᠬ ᠤᠨ ᠰᠤᠶᠤᠯ ᠵᠤᠭᠠᠴᠠᠯ ᠤᠨ ᠰᠤᠳᠤᠨ ᠳᠡᠮᠳᠡᠭ ᠪᠤᠯᠵᠤ ᠬᠤᠯᠠ ᠤᠢᠢᠷ᠎ᠡ ᠶᠢᠨ ᠬᠦᠮᠦᠰ ᠤᠨ ᠪᠠᠭ᠋ᠠᠷᠤᠯ ᠢ ᠳᠠᠳᠠᠨ᠎ᠠ᠃      ᠮᠤᠩᠭᠤᠯ ᠨᠤᠮ ᠤᠨ ᠳᠠᠬᠢᠯᠭ᠎ᠠ ᠶᠢᠨ ᠤᠷᠳᠤᠨ ᠳᠤ ᠭᠬᠢᠪ ᠳᠤᠷᠭ᠎ᠠ ᠪᠠᠷ ᠪᠠᠭᠯᠠᠵᠤ ᠳᠡᠬᠡᠳᠦᠯᠡᠭᠰᠡᠨ ᠰᠤᠳᠤᠷ ᠨᠤᠮ ᠵᠢᠭᠳᠡᠷᠡᠨ᠎ᠡ᠃ ︽ᠮᠤᠩᠭᠤᠯᠴᠤᠳ ᠠᠯᠢ ᠡᠷᠳᠡ ᠠᠴᠠ ᠨᠤᠮ ᠰᠤᠳᠤᠷ ᠳᠠᠬᠢᠳᠠᠬ ᠰᠠᠶᠢᠬᠠᠨ ᠵᠠᠩᠰᠢᠯ ᠲᠠᠢ ᠪᠠᠶᠢᠵᠠᠢ᠃ ᠪᠢᠳᠡ ᠳᠡᠷᠡ ᠤᠯᠠᠮᠵᠢᠯᠠᠯ ᠢ ᠳᠠᠭᠠᠵᠤ ᠵᠢᠯ ᠪᠦᠷᠢ ᠶᠢᠨ 7 ᠰᠠᠷ᠎ᠡ ᠶᠢᠨ 13 ᠳᠤ ᠳᠡᠯᠬᠡᠷᠡᠩᠬᠦᠢ ᠶᠡᠭᠡ ᠨᠤᠮ ᠤᠨ ᠳᠠᠬᠢᠯᠭ᠎ᠠ ᠶᠠᠪᠤᠬᠳᠠᠭᠤᠯᠳᠠᠬ᠃ ᠡᠬᠦᠨ ᠳᠤ ᠮᠤᠩᠭᠤᠯ ᠤᠷᠠᠨ ᠵᠤᠬᠢᠶᠠᠯ ᠤᠨ ᠭᠤᠷᠪᠡᠨ ᠤᠷᠬᠢᠯ ᠪᠤᠯᠬᠤ ᠨᠤᠮ ᠤᠨ ᠳᠡᠬᠡᠵᠢ ︿ᠮᠤᠩᠭᠤᠯ ᠤᠨ ᠨᠢᠭᠤᠴᠠ ᠳᠤᠪᠴᠢᠶᠡᠨ﹀᠂ ᠨᠤᠮ ᠤᠨ ᠬᠤᠪᠢᠯᠭᠠᠨ ︿ᠠᠯᠳᠠᠨ ᠳᠤᠪᠴᠢ﹀᠂ ᠨᠤᠮ ᠤᠨ ᠴᠡᠩᠬᠡᠯ ︿ᠵᠠᠩᠭᠠᠷ﹀ ᠵᠢᠴᠢ ᠤᠯᠠᠨ ᠡᠷᠳᠡᠮᠳᠡᠨ ᠮᠡᠷᠬᠡᠳ ᠤᠨ ᠡᠷᠳᠡᠮ ᠤᠬᠠᠭᠠᠨ ᠢᠶᠠᠷ ᠬᠡᠶᠢᠭᠰᠡᠨ ᠪᠦᠳᠦᠬᠡᠯ ᠨᠦᠭᠦᠳ ᠢ ᠬᠦᠨᠳᠦᠳᠬᠡᠨ ᠳᠠᠬᠢᠵᠤ ᠪᠠᠶᠢᠳᠠᠬ︾ ᠭᠡᠵᠤ ᠨᠤᠮ ᠤᠨ ᠰᠠᠩ ᠤᠨ ᠡᠵᠡᠨ ᠠᠯᠳᠡᠡᠪᠢᠯᠢᠭ ᠭᠤᠸᠠᠢ ᠳᠠᠨᠢᠯᠴᠠᠭᠤᠯᠤᠨ᠎ᠡ᠃      ᠪᠢᠯᠢᠭ ᠤᠨ ᠰᠠᠩ ᠮᠤᠩᠭᠤᠯ ᠨᠤᠮ ᠬᠡᠪᠯᠡᠯ ᠤᠨ ᠮᠦᠽᠸᠢ ᠳᠤ ᠳᠤᠮᠳᠠᠳᠤ ᠤᠯᠤᠰ ᠲᠠᠬᠢ ᠮᠤᠩᠭᠤᠯ ᠨᠤᠮ ᠪᠢᠴᠢᠭ ᠤᠨ ᠳᠡᠦᠬᠡ᠂ ᠬᠡᠪᠯᠡᠯ ᠤᠨ ᠳᠡᠦᠬᠡ᠂ ᠤᠳᠤ ᠦᠶ᠎ᠡ ᠶᠢᠨ ᠰᠤᠩᠭᠤᠳᠠᠬ ᠭᠡᠪᠯᠡᠭᠳᠡᠬᠦᠨ ᠪᠤᠯᠤᠨ ᠮᠤᠩᠭᠤᠯ ᠵᠤᠬᠢᠶᠠᠯᠴᠢᠳ ᠤᠨ ᠭᠠᠷ ᠪᠢᠴᠢᠮᠠᠯ ᠢᠶᠠᠷ ᠭᠤᠤᠯ ᠦᠵᠡᠬᠦᠯᠪᠦᠷᠢ ᠪᠤᠯᠭᠠᠬᠰᠠᠨ ᠪᠠᠭ᠎ᠠ ᠬᠡᠮᠵᠢᠶᠡᠨ ᠤ ᠬᠠᠮ ᠮᠦᠽᠸᠢ ᠪᠠᠶᠢᠵᠠᠢ᠃ ᠪᠦᠬᠦᠳᠡ ᠨᠠᠶᠢᠷᠠᠮᠳᠠᠬᠤ ᠲᠤᠮᠳᠠᠳᠤ ᠠᠷᠡᠳ ᠤᠯᠤᠰ ᠪᠠᠶᠢᠭᠤᠯᠤᠬᠳᠠᠬᠰᠠᠨ ᠠᠴᠠ ᠨᠠᠰᠢᠬᠢ ᠠᠳᠠᠯᠢ ᠪᠤᠰᠤ ᠶᠢᠨ ᠬᠤᠭᠤᠴᠠᠭᠠᠨ ᠳᠤ ᠬᠡᠷᠡᠭᠯᠡᠵᠤ ᠪᠠᠶᠢᠬᠰᠠᠨ ᠬᠡᠪᠯᠡᠬᠦ ᠮᠠᠰᠢᠨ ᠪᠤᠯᠤᠨ ᠬᠡᠪᠯᠡᠯ ᠤᠨ ᠳᠤᠨᠤᠬ ᠳᠦᠬᠦᠬᠡᠷᠦᠮᠵᠢ᠂ ᠮᠤᠩᠭᠤᠯ ᠬᠡᠯᠡᠨ ᠤ ᠳᠦᠷᠦᠯ ᠪᠦᠷᠢ ᠶᠢᠨ ᠰᠤᠳᠤᠨ ᠰᠢᠯᠢᠳᠡᠭ ᠨᠤᠮ ᠪᠦᠳᠦᠬᠡᠯ᠂ ᠨᠡᠷᠡᠳᠦ ᠵᠤᠬᠢᠶᠠᠯᠴᠢᠳ ᠤᠨ ᠬᠦᠷᠦᠭ ᠵᠢᠷᠤᠬ ᠪᠠ ᠭᠠᠷ ᠪᠢᠴᠢᠮᠠᠯ᠂ ᠴᠢᠩ ᠤᠯᠤᠰ ᠤᠨ ᠦᠶ᠎ᠡ ᠶᠢᠨ ᠬᠤᠪᠤᠷ ᠴᠤᠬᠠᠬ ᠮᠤᠩᠭᠤᠯ ᠨᠤᠮ ᠬᠢᠬᠡᠳ ︽ᠭᠠᠨᠵᠤᠤᠷ ︾᠂ ︽ᠳ᠋ᠠᠨᠵᠤᠤᠷ︾ ᠤᠨ ᠹᠦᠲ᠋ᠣ᠋ ᠬᠡᠪᠯᠡᠯ ᠪᠤᠢ᠃      ᠳᠡᠷᠡ ᠨᠢ ᠮᠤᠩᠭᠤᠯᠴᠤᠳ ᠤᠨ ᠨᠤᠮ ᠪᠢᠴᠢᠭ ᠢ ᠳᠡᠬᠡᠳᠦᠯᠡᠨ ᠬᠦᠨᠳᠦᠳᠭᠡᠳᠡᠭ ᠵᠠᠩ ᠦᠢᠯᠡ ᠪᠤᠯᠤᠨ ᠴᠢᠩ ᠰᠦᠰᠦᠭ ᠢ ᠮᠡᠳᠡᠷᠡᠬᠦᠯᠵᠤ ᠨᠤᠮ ᠤᠡᠭᠰᠢᠬᠤ᠂ ᠮᠠᠲ᠋ᠧᠷᠢᠶᠡᠯ ᠬᠠᠶᠢᠬᠤ᠂ ᠵᠤᠬᠢᠶᠠᠨ ᠪᠦᠳᠦᠬᠡᠵᠤ ᠳᠤᠷᠰᠢᠯᠭ᠎ᠠ ᠪᠠᠨ ᠰᠤᠯᠢᠯᠴᠠᠬᠤ ᠳᠠᠪᠠᠭᠤᠯᠢᠬ ᠳᠠᠭᠠᠳᠠᠢ ᠤᠷᠴᠢᠨ ᠬᠢᠬᠡᠳ ᠰᠤᠶᠤᠯ ᠤᠨ ᠠᠵᠢᠯᠯᠠᠭᠠ ᠤ ᠳᠠᠯᠠᠪᠤᠷ ᠢ ᠬᠠᠨᠭ᠍ᠭᠠᠬᠰᠠᠨ ᠪᠠᠶᠢᠨ᠎ᠠ᠃ ︽ᠮᠤᠩᠭᠤᠯ ᠬᠦᠮᠦᠨ ᠤᠪᠤᠭ᠎ᠠ ᠪᠠᠷ ᠦᠡᠭᠬᠡᠷᠡᠬᠦ ᠳᠡᠭᠡᠨ ᠴᠢᠯᠠᠭᠤ ᠨᠡᠮᠡᠨ ᠨᠠᠷᠡ ᠵᠦᠪ ᠡᠷᠭᠢᠵᠤ ᠭᠠᠷᠳᠠᠬ ᠤᠨ ᠶᠤᠰᠤ ᠪᠠᠷ ᠪᠢᠳᠡ ︿ᠤᠷᠳᠤᠰ ᠤᠨ ᠡᠳᠦᠷ ᠤᠨ ᠰᠤᠨᠢᠨ﹀ ᠤ ᠬᠡᠪᠯᠡᠯ ᠡᠬᠢᠯᠡᠭᠰᠡᠨ 80 ᠵᠢᠯ᠂ ᠬᠤᠷᠢᠶ᠎ᠡ ᠪᠠᠶᠢᠭᠤᠯᠤᠬᠳᠠᠬᠰᠠᠨ 60 ᠵᠢᠯ ᠤᠨ ᠪᠠᠶᠠᠷ ᠲᠤ ᠵᠤᠷᠢᠭᠤᠯᠤᠬᠰᠠᠨ ᠴᠤᠪᠤᠷᠡᠯ ᠪᠢᠴᠢᠭ᠂ ︿ᠰᠢᠯᠢᠳᠡᠭ ᠰᠤᠨᠢᠨ ᠮᠡᠳᠡᠬᠡᠯᠡᠯ ᠤᠨ ᠱᠦᠬᠦᠮᠡᠭ﹀᠂ ︿ᠰᠠᠬᠯᠠᠭᠠᠷ ᠽᠠᠨᠳᠠᠨ﹀᠂ ︿ᠪᠤᠳᠤᠯ ᠤᠨ ᠪᠤᠷᠤᠭᠠᠨ᠋﹀ ᠵᠡᠷᠬᠡ ᠪᠦᠳᠦᠬᠡᠯ ᠢᠶᠠᠨ ᠬᠠᠨᠳᠢᠪᠯᠡᠵᠤ ᠤᠪᠤᠭᠠᠨ ᠳᠤ ︿ᠴᠢᠯᠠᠭᠤ﹀ ᠨᠡᠮᠡᠭᠰᠡᠨ ᠤᠴᠢᠷ ᠪᠤᠯᠵᠠᠢ︾ ᠬᠡᠵᠤ ︽ᠤᠷᠳᠤᠰ ᠤᠨ ᠡᠳᠦᠷ ᠤᠨ ᠰᠤᠨᠢᠨ ︾ ᠤ ᠮᠤᠩᠭᠤᠯ ᠶᠡᠷᠦᠩᠭᠡᠢ ᠨᠠᠶᠢᠷᠠᠭᠤᠯᠬᠤ ᠬᠡᠯᠳᠡᠰ ᠤᠨ ᠬᠠᠷᠢᠭᠤᠴᠠᠯᠭᠠᠳᠠᠨ ᠠᠴᠠ ᠨᠤᠮ ᠬᠠᠨᠳᠢᠪᠯᠠᠭᠰᠠᠨ ᠲᠤᠬᠠᠢ ᠤᠴᠢᠷᠯᠠᠨ᠎ᠠ᠃ ᠮᠦᠽᠸᠢ ᠳᠤ ᠨᠤᠮ ᠤᠨ ᠬᠠᠳᠠᠭᠠᠯᠠᠮᠵᠢ 4 ᠳᠦᠮᠡ ᠭᠠᠷᠤᠢ ᠳᠤ ᠬᠦᠷᠴᠤ ᠳᠦᠷᠦᠯ ᠵᠦᠢᠯ ᠨᠢ 16000 ᠶᠢ ᠳᠠᠪᠠᠵᠤ᠂ ᠤᠪᠤᠭ᠎ᠠ ᠳᠤ ᠴᠢᠯᠠᠭᠤ ᠡᠷᠬᠦᠳᠡᠭ ᠰᠢᠭ ᠢᠶᠠᠷ ᠨᠤᠮ ᠤᠨ ᠳᠤᠭ᠎ᠠ ᠬᠡᠮᠵᠢᠶ᠎ᠡ ᠦᠷᠬᠦᠯᠵᠢᠯᠡᠨ ᠨᠡᠮᠡᠭᠳᠡᠵᠤ ᠦᠷᠬᠡᠨ ᠤᠯᠠᠨ ᠰᠦᠰᠦᠭᠳᠡᠳ ᠤᠨ ᠨᠡᠮᠡᠷᠢ ᠬᠠᠨᠳᠢᠪ ᠢᠶᠠᠷ ᠨᠤᠮ ᠤᠨ ᠤᠪᠤᠭ᠎ᠠ ᠳᠤᠮᠤᠷᠠᠵᠤ ᠪᠠᠶᠢᠨ᠎ᠠ᠃ ᠤᠢᠢᠷ᠎ᠡ ᠶᠢᠨ ᠵᠢᠯ ᠳᠤ ᠨᠤᠮ ᠤᠨ ᠤᠪᠤᠭ᠎ᠠ ᠨᠢ ᠳᠠᠪᠴᠠᠩ ᠳᠠᠭᠠᠨ ᠳᠦᠰᠢᠭᠯᠡᠵᠤ ᠤᠯᠠᠨ ᠰᠤᠶᠤᠯ ᠤᠷᠠᠯᠢᠬ ᠤᠨ ᠠᠵᠢᠯᠯᠠᠭ᠎ᠠ ᠦᠷᠨᠢᠬᠦᠯᠵᠤ ᠦᠢᠯᠡᠳᠦᠯ ᠢᠶᠠᠨ ᠪᠠᠳᠠᠷᠠᠭᠤᠯᠵᠤ ᠪᠠᠶᠢᠨ᠎ᠠ᠃
 
ᠢᠷᠡᠯᠲᠡ᠄ ᠤᠷᠳᠤᠰ ᠮᠤᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号