2018 ᠤᠨ ᠤ 9 ᠰᠠᠷ᠎ᠠ ᠶᠢᠨ 5 ᠤ ᠡᠳᠦᠷ᠂ ᠦᠦᠰᠢᠨ ᠬᠤᠰᠢᠭᠤᠨ ᠤ ︽ᠪᠢᠯᠢᠭ ᠤᠨ ᠰᠠᠩ︾ ᠨᠤᠮ | ᠤᠨ ᠤᠪᠤᠭᠠᠨ ᠳᠤ ᠵᠤᠬᠢᠶᠠᠯᠴᠢ ᠪᠦᠷᠢᠨᠳᠡᠭᠦᠰ ᠪᠠᠭᠰᠢ ᠪᠠ ᠮᠦᠩᠭᠡ ᠪᠠᠭᠰᠢ ︽ᠮᠤᠩᠭᠤᠯ ᠲᠤᠭᠤᠷᠭᠠᠲᠠᠨ ᠤ | ᠰᠤᠩᠭᠤᠮᠠᠯ ᠨᠤᠮ ᠤᠨ ᠰᠠᠩ︾ ᠳᠤ ᠰᠢᠯᠢᠭᠳᠡᠭᠰᠡᠨ ︽ᠳᠡᠯᠭᠡᠷ ᠬᠠᠩᠭᠠᠢ︾ ᠪᠠ ︽ᠬᠠᠨ ᠮᠤᠨᠠ ᠶᠢᠨ ᠰᠡᠭᠦᠷᠡᠰᠦ︾ | ᠭᠡᠬᠦ ᠷᠤᠮᠠᠨ ᠤ ᠪᠠᠨ ᠨᠡᠷ᠎ᠡ ᠶᠢ ᠮᠤᠨᠠ ᠠᠭᠤᠯᠠ ᠶᠢᠨ ᠬᠠᠳᠠᠨ ᠳᠡᠭᠡᠷ᠎ᠡ ᠰᠡᠶᠢᠯᠵᠤ ᠠᠪᠴᠢᠷᠠᠭᠠᠳ ᠨᠤᠮ ᠤᠨ ᠤᠪᠤᠭᠠᠨ | ᠳᠤ ᠴᠢᠯᠠᠭᠤ ᠨᠡᠮᠡᠯ᠎ᠡ᠃ | | | | | | | | | | ᠴᠢᠯᠠᠭᠤ ᠨᠡᠮᠡᠬᠦ ᠳᠤ ᠦᠦᠰᠢᠨ ᠬᠤᠰᠢᠭᠤᠨ ᠤ ᠵᠤᠬᠢᠶᠠᠯᠴᠢᠳ ᠤᠨ ᠵᠤᠬᠢᠶᠠᠯ ᠪᠦᠲᠦᠭᠡᠯ ᠤᠨ ᠲᠤᠷ᠎ᠠ | ᠪᠠᠭ᠋ᠠᠲᠠᠳ ᠬᠦᠷᠦᠯᠴᠡᠨ ᠢᠷᠡᠵᠤ ᠰᠠᠩ ᠲᠠᠯᠪᠢᠨ᠂ ᠡᠵᠡᠨ ᠰᠠᠩ ᠤᠩᠰᠢᠵᠤ᠂ ᠢᠷᠦᠭᠡᠯ ᠢᠷᠦᠭᠡᠨ᠂ ᠰᠠᠴᠤᠯᠢ | ᠡᠷᠭᠦᠭᠡᠳ ᠨᠤᠮ ᠤᠨ ᠤᠪᠤᠭᠠᠨ ᠳᠤ ᠪᠠᠨ ᠰᠦᠵᠦᠭᠯᠡᠨ ᠮᠦᠷᠭᠦᠵᠤ᠂ ᠬᠤᠶᠠᠷ ᠪᠠᠭᠰᠢ ᠶᠢᠨ ᠤᠷᠠᠨ ᠪᠦᠲᠦᠭᠡᠯ ᠢ | ᠪᠠᠭ᠋ᠠᠳᠤᠨ ᠪᠢᠰᠢᠷᠬᠦ ᠶᠢᠨ ᠬᠠᠮᠲᠤ ᠵᠠᠢ ᠪᠤᠯᠢᠶᠠᠯᠴᠠᠨ ᠲᠡᠳᠡᠨ ᠲᠠᠢ ᠵᠢᠷᠤᠭ ᠠᠪᠴᠤ᠂ ᠨᠠᠨᠳᠢᠨ ᠲᠤᠷᠠᠰᠬᠠᠯ | ᠦᠯᠡᠳᠡᠭᠡᠭᠰᠡᠨ ᠪᠠᠶᠢᠨ᠎ᠠ᠃ | | | | | | ᠳᠠᠷᠠᠭ᠎ᠠ ᠨᠢ ᠬᠤᠶᠠᠷ ᠪᠠᠭᠰᠢ ᠤᠯᠠᠨ ᠲᠠᠢ ᠵᠤᠬᠢᠶᠠᠯ ᠪᠦᠲᠦᠭᠡᠯ ᠤᠨ ᠲᠤᠬᠠᠢ ᠴᠢᠯᠦᠭᠡᠲᠦ ᠶᠠᠷᠢᠯᠴᠠᠭ᠎ᠠ ᠬᠢᠯ᠎ᠡ᠃ | ᠪᠦᠷᠢᠨᠳᠡᠭᠦᠰ ᠪᠠᠭᠰᠢ ᠶᠠᠷᠢᠬᠤ ᠳᠤ ᠪᠠᠨ᠄ ︽ᠪᠢᠳᠡ ᠪᠦᠬᠦᠨ ᠠᠭᠤᠵᠢᠮ ᠪᠠᠭᠲᠠᠭᠠᠮᠵᠢᠲᠠᠢ᠂ ᠰᠠᠷᠠᠭᠤᠯᠬᠠᠨ | ᠤᠬᠠᠭᠠᠨᠲᠠᠢ ᠮᠤᠩᠭᠤᠯ ᠬᠡᠯᠡ ᠰᠤᠶᠤᠯ ᠲᠠᠢ ᠪᠠᠶᠢᠭᠰᠠᠨ ᠨᠢ ᠲᠠᠪᠤᠨ ᠬᠤᠰᠢᠭᠤ ᠮᠠᠯ ᠤᠨ ᠮᠢᠨᠢ ᠪᠤᠶᠠᠨ ᠪᠠᠶᠢᠵᠠᠢ᠃ | ᠨᠤᠮ ᠤᠨ ᠤᠪᠤᠭᠠᠨ ᠤ ᠠᠯᠲᠠᠨᠪᠢᠯᠢᠭ᠌᠂ ᠬᠠᠰᠪᠢᠯᠢᠭ᠌ ᠬᠤᠶᠠᠷ ᠦᠨᠲᠦᠰᠦᠲᠡᠨ ᠶᠠᠰᠤᠲᠠᠨ ᠮᠤᠩᠭᠤᠯ ᠬᠦᠮᠦᠨ ᠤ ᠪᠠᠨ | ᠠᠯᠤᠰ ᠢᠷᠡᠭᠡᠳᠦᠢ ᠶᠢᠨ ᠲᠦᠯᠦᠭᠡ ᠰᠠᠶᠢᠬᠠᠨ ᠶᠠᠭᠤᠮ᠎ᠠ ᠬᠢᠵᠠᠢ᠃ ᠵᠤᠬᠢᠶᠠᠨ ᠪᠦᠲᠦᠭᠡᠬᠦ ᠪᠤᠯ ᠨᠤᠮ ᠤᠨ ᠤᠪᠤᠭᠠᠨ | ᠳᠤ ᠴᠢᠯᠠᠭᠤ ᠤᠪᠤᠭᠠᠯᠠᠬᠤ ᠲᠠᠢ ᠠᠳᠠᠯᠢ ᠤᠪᠤᠭᠠᠯᠠᠵᠤ ᠪᠠᠶᠢᠭᠠᠳ ᠡᠴᠦᠰ ᠲᠤ ᠨᠢ ᠬᠦᠮᠦᠨ ᠢᠷᠡᠵᠤ ᠰᠡᠬᠦᠭᠡᠳ | ᠤᠴᠢᠷ ᠤᠬᠠᠭᠠᠨ ᠢ ᠨᠢ ᠤᠯᠳᠠᠭ︾ ᠭᠡᠵᠤ ᠶᠠᠷᠢᠯ᠎ᠠ᠃ | | | | | | ᠮᠦᠩᠭᠡ ᠪᠠᠭᠰᠢ ᠪᠦᠷᠢᠨᠳᠡᠭᠦᠰ ᠪᠠᠭᠰᠢ ᠶᠢᠨ ᠵᠤᠬᠢᠶᠠᠯ ᠪᠦᠲᠦᠭᠡᠯ ᠤᠨ ᠮᠤᠩᠭᠤᠯ ᠤᠯᠤᠰ ᠲᠠᠬᠢ ᠴᠤᠤ | ᠨᠦᠯᠦᠭᠡ ᠶᠢ ᠪᠢᠰᠢᠷᠡᠨ ᠳᠠᠨᠢᠯᠴᠠᠭᠤᠯᠬᠤ ᠶᠢᠨ ᠬᠠᠮᠲᠤ ᠦᠪᠡᠷ ᠢᠶᠠᠨ ᠴᠤ ᠡᠬᠢᠨ ᠳᠡᠭᠡᠨ ᠬᠠᠶᠠ ᠨᠢᠬᠡ ᠬᠤᠶᠠᠷ | ᠦᠭᠦᠯᠡᠯᠭᠡ ᠪᠢᠴᠢᠳᠡᠭ ᠪᠠᠶᠢᠭᠰᠠᠨ ᠢᠶᠠᠨ ᠡᠳᠦᠭᠡ ᠪᠤᠯᠬᠤ ᠳᠤ ︽ᠬᠠᠨ ᠮᠤᠨᠠ ᠶᠢᠨ ᠰᠡᠭᠦᠷᠡᠰᠦ︾ ᠭᠡᠬᠦ ᠷᠤᠮᠠᠨ ᠢᠶᠠᠨ | ᠳᠦᠷᠪᠡᠳᠡᠬᠢ ᠤᠳᠠᠭ᠎ᠠ ᠬᠡᠪᠯᠡᠭᠦᠯᠵᠤ ᠪᠠᠶᠢᠨ᠎ᠠ᠃ ᠵᠤᠬᠢᠶᠠᠨ ᠪᠦᠲᠦᠭᠡᠭᠴᠢᠳ ᠬᠡᠵᠢᠶ᠎ᠡ ᠴᠦ ᠭᠡᠰᠡᠨ ᠵᠤᠷᠢᠭ ᠮᠤᠬᠤᠵᠤ | ᠪᠤᠯᠬᠤ ᠦᠭᠡᠢ᠂ ᠠᠯᠢᠪᠠ ᠪᠦᠬᠦᠨ ᠳᠤ ᠴᠢᠷᠮᠠᠶᠢᠯᠭ᠎ᠠ ᠪᠠᠶᠢᠪᠠᠯ ᠪᠡᠶᠡᠯᠡᠳᠡᠭ ᠶᠤᠮ ᠪᠠᠶᠢᠨ᠎ᠠ ᠭᠡᠵᠤ ᠤᠯᠠᠨ ᠪᠦᠭᠦᠳᠡ ᠳᠤ | ᠪᠠᠨ ᠵᠤᠷᠢᠭᠵᠢᠭᠤᠯᠤᠯ ᠦᠭᠭᠦᠯ᠎ᠡ᠃ | | | | |