ᠠᠯᠳᠠᠠ ᠨᠠᠮᠤᠷ ᠬᠡᠵᠦ ᠡᠯᠪᠡᠭ ᠬᠤᠷᠢᠶᠠᠯᠳᠠ ᠶᠢᠨ ᠤᠯᠠᠷᠢᠯ ᠪᠤᠯᠬᠤᠷ ᠬᠦᠮᠦᠰ ᠡᠯᠪᠡᠭ ᠬᠤᠷᠢᠶᠠᠯᠳᠠ ᠪᠠᠷ ᠢᠶᠠᠨ | ᠮᠠᠩᠨᠠᠢ ᠲᠡᠨᠡᠶᠢᠨ ᠪᠠᠶᠠᠷᠯᠠᠳᠠᠭ᠃ ᠡᠬᠦᠨ ᠲᠠᠢ ᠠᠳᠠᠯᠢᠬᠠᠨ ᠢᠶᠠᠷ ᠮᠠᠨ ᠤ ᠬᠤᠰᠢᠭᠤᠨ ᠤ ᠰᠢᠷᠬᠤᠰᠤᠨ ᠪᠠᠯᠭᠠᠰᠤᠨ ᠤ | ᠤᠳᠠ ᠶᠢᠨ ᠭᠤᠤᠯ ᠲᠤᠰᠬᠤᠨ ᠳᠤ ᠪᠠᠶᠢᠭ᠎ᠠ ᠤᠷᠭᠠᠨᠢᠭ ᠦᠵᠤᠮ ᠤᠨ ᠰᠠᠭᠤᠷᠢᠨ ᠭᠠᠵᠠᠷ ᠡᠨᠡ ᠨᠠᠮᠤᠷ ᠠᠳᠠᠯᠢᠬᠠᠨ | ᠡᠯᠪᠡᠭ ᠬᠤᠷᠢᠶᠠᠯᠳᠠ ᠪᠠᠨ ᠤᠭᠲᠤᠨ ᠠᠪᠤᠯ᠎ᠠ᠃ ᠤᠷᠴᠢᠮ ᠤᠨ ᠡᠳᠦᠷ ᠶᠠᠭ ᠰᠠᠶᠢᠬᠠᠨ ᠦᠵᠦᠮ ᠬᠤᠷᠢᠶᠠᠬᠤ ᠴᠠᠭ | ᠪᠤᠯᠬᠤᠷ ᠤᠯᠠᠨ ᠬᠦᠮᠦᠰ ᠲᠤᠰ ᠰᠠᠭᠤᠷᠢᠨ ᠭᠠᠵᠠᠷ ᠲᠤ ᠢᠷᠡᠵᠦ ᠦᠵᠦᠮ ᠠᠪᠴᠤ᠂ ᠦᠵᠦᠮ ᠤᠨ ᠰᠠᠭᠤᠷᠢᠨ | ᠭᠠᠵᠠᠷ ᠤᠨ ᠬᠠᠷᠢᠭᠤᠴᠠᠯᠭᠠᠳᠠᠨ ᠤ ᠲᠠᠨᠢᠯᠴᠠᠭᠤᠯᠬᠤ ᠪᠠᠷ ᠡᠨᠡ ᠵᠢᠯ ᠤᠨ ᠤᠷᠤᠯᠭ᠎ᠠ ᠭᠤᠴᠢᠨ ᠲᠦᠮᠡᠨ ᠲᠦᠬᠦᠷᠢᠭ | ᠲᠤ ᠬᠦᠷᠦᠨ᠎ᠠ ᠭᠡᠵᠤ ᠪᠠᠶᠢᠯ᠎ᠠ᠃ | ᠰᠢᠷᠬᠤᠰᠤᠨ ᠪᠠᠯᠭᠠᠰᠤᠨ ᠤ ᠤᠳᠠ ᠶᠢᠨ ᠭᠤᠤᠯ ᠲᠤᠰᠬᠤᠨ ᠨᠢ ᠭᠤᠤ ᠭᠠᠩᠭ᠎ᠠ ᠦᠷᠬᠦᠯᠵᠢᠯᠡᠵᠦ ᠤᠢ ᠮᠤᠳᠤ | ᠢᠭᠴᠤᠷᠠᠨ᠂ ᠲᠠᠷᠢᠶᠠᠯᠠᠩ ᠢ ᠶᠡᠭᠡ ᠬᠡᠪᠴᠢᠶ᠎ᠠ ᠲᠠᠢ ᠲᠠᠷᠢᠬᠤ ᠳᠤ ᠲᠤᠬᠢᠷᠠᠮᠵᠢ ᠦᠬᠡᠢ ᠴᠤ ᠰᠢᠷᠬᠤᠰᠤᠨ ᠭᠤᠤᠯ | ᠵᠡᠷᠬᠡ ᠪᠠᠶᠢᠭᠠᠯᠢ ᠶᠢᠨ ᠨᠦᠬᠦᠴᠡᠯ ᠨᠢ ᠤᠷᠭᠠᠨᠢᠭ ᠲᠠᠷᠢᠮᠠᠯ ᠳᠤ ᠲᠦᠰᠢᠭᠯᠡᠭᠰᠡᠨ ᠬᠦᠳᠡᠭᠡ ᠲᠤᠰᠬᠤᠨ ᠤ ᠵᠤᠭᠠᠴᠠᠯ ᠤᠨ | ᠦᠢᠯᠡᠰ ᠢ ᠬᠦᠭᠵᠢᠬᠦᠯᠬᠦ ᠳᠤ ᠪᠤᠯᠤᠮᠵᠢ ᠪᠦᠷᠢᠯᠳᠦᠬᠦᠯᠵᠡᠢ᠃ | ᠲᠤᠰ ᠰᠠᠭᠤᠷᠢᠨ ᠭᠠᠵᠠᠷ ᠲᠤ ᠨᠡᠶᠢᠳᠡ 375 ᠮᠤ᠋ ᠶᠢᠨ ᠨᠠᠢᠮᠠᠨ ᠲᠦᠷᠦᠯ ᠤᠨ ᠦᠵᠦᠮ ᠲᠠᠷᠢᠵᠤ ᠦᠵᠦᠮ | ᠤᠨ ᠮᠤᠳᠤ ᠠᠷᠠᠴᠢᠯᠠᠬᠤ᠂ ᠦᠵᠦᠮ ᠢ ᠴᠠᠭᠠᠰᠤᠨ ᠤᠭᠤᠳᠠ ᠪᠠᠷ ᠪᠠᠭᠯᠠᠬᠤ ᠵᠡᠷᠬᠡ ᠶᠠᠭᠠᠷᠠᠯᠳᠠᠢ ᠦᠶ᠎ᠡ ᠳᠤ ᠲᠤᠬᠠᠢ | ᠶᠢᠨ ᠭᠠᠵᠠᠷ ᠤᠨ ᠭᠤᠴᠢᠭᠠᠳ ᠲᠠᠷᠢᠶᠠᠴᠢᠨ ᠢ ᠬᠦᠯᠦᠰᠦᠯᠡᠨ ᠵᠠᠷᠤᠵᠤ ᠵᠤᠬᠢᠬᠤ ᠤᠷᠤᠯᠭ᠎ᠠ ᠤᠯᠭᠤᠳᠠᠭ᠃ ᠨᠢᠳᠤᠨᠤᠨ | ᠬᠤᠰᠢᠭᠤ ᠵᠢᠭᠤᠯᠴᠢᠯᠠᠯ ᠤᠨ ᠭᠦᠭᠵᠢᠬᠦᠯᠦᠯᠲᠡ ᠶᠢᠨ ᠲᠦᠪ ᠰᠢᠷᠬᠤᠰᠤᠨ ᠪᠠᠯᠭᠠᠰᠤᠨ ᠤ ᠤᠳᠠ ᠶᠢᠨ ᠭᠤᠤᠯ | ᠲᠤᠰᠬᠤᠨ ᠢ ᠲᠠᠭᠠᠭᠠᠴᠢᠯᠠᠨ ᠲᠡᠳᠬᠦᠭᠰᠡᠨ ᠠᠴᠠ ᠨᠠᠰᠢ ᠰᠢᠷᠬᠤᠰᠤᠨ ᠪᠠᠯᠭᠠᠰᠤᠨ ᠤ ᠭᠠᠵᠠᠷ ᠵᠦᠢ ᠶᠢᠨ ᠲᠠᠪᠠᠭᠤᠯᠢᠭ | ᠢ ᠦᠨᠳᠦᠰᠦᠯᠡᠵᠦ ᠲᠠᠷᠢᠶᠠᠴᠢᠳ ᠤᠨ ᠭᠠᠵᠠᠷ ᠢ ᠲᠦᠷᠢᠶᠡᠰᠦᠯᠡᠬᠦ᠂ ᠲᠠᠷᠢᠶᠠᠴᠢᠳ ᠢ ᠵᠢᠯᠤᠭᠤᠳᠤᠨ ᠤᠷᠭᠠᠨᠢᠭ ᠲᠠᠷᠢᠮᠠᠯ | ᠲᠠᠷᠢᠭᠤᠯᠬᠤ ᠵᠡᠷᠬᠡ ᠠᠷᠭ᠎ᠠ ᠬᠡᠯᠪᠡᠷᠢ ᠪᠠᠷ ᠤᠷᠢᠳ ᠬᠤᠵᠢᠳ ᠤᠷᠭᠠᠨᠢᠭ ᠤᠰᠤᠨ ᠲᠤᠳᠤᠷᠭ᠎ᠠ᠂ ᠠᠯᠮᠤᠷᠠᠳ᠂ | ᠦᠵᠦᠮ᠂ ᠤᠰᠤᠨ ᠲᠡᠵᠢᠬᠡᠪᠤᠷᠢ ᠵᠡᠷᠬᠡ ᠵᠢᠷᠭᠤᠭᠠᠨ ᠰᠠᠭᠤᠷᠢᠨ ᠭᠠᠵᠠᠷ ᠢ ᠭᠤᠤᠯᠳᠠᠯᠭ᠎ᠠ ᠲᠠᠢ ᠬᠦᠭᠵᠢᠬᠦᠯᠵᠦ ᠠᠩᠬ᠎ᠠ | ᠠᠯᠬᠤᠮ ᠤᠨ ᠬᠡᠪᠴᠢᠶᠠᠵᠢᠯ ᠢ ᠪᠦᠷᠢᠯᠳᠦᠬᠦᠯᠦᠭᠰᠡᠨ ᠤ ᠰᠠᠭᠤᠷᠢᠨ ᠲᠡᠬᠡᠷ᠎ᠡ ᠡᠯᠧᠺᠲᠷᠤᠨ ᠬᠤᠳᠠᠯᠳᠤᠭᠠᠨ ᠤ ᠲᠠᠪᠴᠠᠩ | ᠢ ᠦᠷᠬᠡᠳᠬᠡᠵᠦ ᠡᠳᠡᠬᠡᠷ ᠤᠷᠭᠠᠨᠢᠭ ᠲᠠᠷᠢᠮᠠᠯ ᠤᠨ ᠪᠦᠳᠦᠬᠡᠭᠳᠡᠬᠦᠨ ᠤ ᠪᠤᠷᠤᠯᠠᠭᠤᠯᠭ᠎ᠠ ᠶᠢ ᠦᠷᠭᠡᠳᠬᠡᠵᠠᠢ᠃ | |