ᠪᠤᠷᠭᠠᠰᠤ ᠪᠤᠯ ᠮᠠᠨ ᠤ ᠬᠤᠰᠢᠭᠤᠨ ᠳᠤ ᠬᠠᠮᠤᠭ ᠣᠯᠠᠨ ᠣᠷᠭᠤᠵᠣ ᠪᠠᠶᠢᠭ᠎ᠠ ᠣᠷᠭᠤᠮᠠᠯ ᠪᠣᠯᠣᠨ᠎ᠠ᠂ | ᠬᠦᠮᠤᠰ ᠶᠡᠷᠤ ᠳᠡᠭᠡᠨ ᠪᠤᠷᠭᠠᠰᠤ ᠪᠠᠷ ᠬᠦᠷᠢᠶ᠎ᠠ ᠬᠠᠰᠢᠶ᠎ᠠ ᠪᠠᠷᠢᠬᠤ ᠪᠤᠶᠤ ᠲᠦᠯᠡᠰᠢ ᠪᠤᠯᠭᠠᠳᠠᠭ᠃ ᠭᠠᠯᠠᠭᠤᠳᠤ | ᠪᠠᠯᠭᠠᠰᠤᠨ ᠤ ᠰᠠᠭᠤᠭᠠᠯᠢ ᠠᠷᠡᠳ ᠪᠤᠩᠬᠤᠷᠠᠢ ᠨᠠᠰᠤᠳᠠᠨ ᠬᠠᠷᠢᠨ ᠪᠤᠷᠭᠠᠰᠤ ᠪᠠᠷ ᠭᠠᠷ ᠣᠷᠠᠯᠠᠯ ᠤᠨ ᠪᠦᠲᠦᠭᠡᠭᠳᠡᠬᠦᠨ | ᠬᠢᠵᠦ ᠪᠤᠷᠭᠠᠰᠤᠨ ᠤ ᠦᠨ᠎ᠡ ᠦᠷᠲᠡᠭ ᠢ ᠨᠡᠮᠡᠭᠳᠡᠭᠦᠯᠵᠤ ᠪᠠᠶᠢᠨ᠎ᠠ᠃ | ᠪᠤᠩᠬᠤᠷᠠᠢ ᠨᠠᠰᠤᠳᠠᠨ ᠪᠠᠭ᠎ᠠ ᠠᠴᠠ ᠪᠠᠨ ᠠᠪᠤ ᠡᠵᠢ ᠪᠠᠨ ᠲᠠᠭᠠᠵᠦ ᠰᠡᠷᠢᠬᠦᠨ ᠮᠠᠯᠠᠭᠠᠢ ᠵᠡᠷᠭᠡ ᠣᠯᠠᠮᠵᠢᠯᠠᠯᠳᠤ | ᠮᠠᠯᠵᠢᠯ ᠦᠢᠯᠡᠳᠪᠦᠷᠢᠯᠡᠯ ᠤᠨ ᠪᠠᠭᠠᠵᠢ ᠬᠡᠷᠡᠭᠰᠡᠯ ᠬᠦᠷᠦᠬᠦ ᠶᠢ ᠰᠤᠷᠴᠤ ᠪᠠᠶᠢᠭᠰᠠᠨ ᠢᠶᠠᠨ ᠣᠶᠢᠷ᠎ᠠ ᠶᠢᠨ ᠵᠢᠯ ᠤᠳ | ᠠᠴᠠ ᠡᠨᠡᠬᠦ ᠮᠡᠷᠬᠡᠵᠢᠯ ᠢᠶᠠᠨ ᠨᠡᠩ ᠣᠯᠠᠨ ᠬᠦᠮᠤᠨ ᠳᠤ ᠲᠠᠨᠢᠭᠤᠯᠤᠨ ᠮᠡᠳᠡᠬᠦᠯᠬᠦ ᠪᠠᠷ ᠪᠦᠲᠦᠭᠡᠭᠳᠡᠬᠦᠨ ᠳᠡᠭᠡᠨ | ᠰᠢᠨᠡᠴᠢᠯᠡᠯᠳᠡ ᠬᠢᠵᠦ ᠡᠬᠢᠯᠡᠵᠡᠢ᠃ | ᠪᠤᠷᠭᠠᠰᠤᠨ ᠬᠦᠷᠦᠮᠡᠯ ᠢ ᠪᠠᠰᠠ ᠪᠤᠷᠭᠠᠰᠤᠨ ᠰᠦᠯᠵᠢᠮᠡᠯ ᠭᠡᠳᠡᠭ᠃ ᠪᠤᠷᠭᠠᠰᠤ ᠨᠢ ᠬᠠᠷᠢᠮᠠᠬᠠᠢ ᠴᠢᠨᠠᠷ ᠢᠶᠠᠷ | ᠰᠠᠶᠢᠨ᠂ ᠮᠠᠲ᠋ᠧᠷᠢᠶᠠᠯ ᠡᠯᠪᠡᠭ᠂ ᠪᠤᠯᠪᠠᠰᠤᠷᠠᠭᠤᠯᠬᠤ ᠳᠤ ᠲᠦᠬᠦᠮ ᠪᠠᠶᠢᠳᠠᠭ ᠢᠶᠠᠷ ᠢᠶᠠᠨ ᠦᠩᠬᠡᠷᠡᠭᠰᠡᠨ ᠳᠤ ᠮᠠᠯᠴᠢᠳ | ᠮᠠᠯ ᠮᠠᠯᠵᠢᠯ ᠤᠨ ᠠᠮᠢᠳᠤᠷᠠᠯ ᠲᠤᠮᠳᠠ ᠪᠤᠷᠭᠠᠰᠤᠨ ᠬᠡᠷ᠂ ᠬᠠᠰᠠᠭ ᠲᠡᠷᠭᠡᠨ ᠤ ᠰᠠᠭᠠᠳᠠᠭ᠂ ᠮᠠᠯ ᠤᠨ ᠬᠦᠷᠢᠶ᠎ᠠ | ᠬᠠᠰᠢᠶ᠎ᠠ ᠵᠡᠷᠭᠡ ᠶᠢ ᠣᠷᠠᠯᠠᠨ ᠬᠢᠵᠦ᠂ ᠠᠵᠦ ᠠᠮᠢᠳᠤᠷᠠᠯ ᠳᠠᠭᠠᠨ ᠵᠤᠬᠢᠴᠠᠭᠤᠯᠤᠨ ᠠᠰᠢᠭᠯᠠᠵᠦ ᠨᠡᠬᠦᠳᠡᠯ ᠰᠤᠶᠤᠯ ᠤᠨ | ᠲᠤᠮᠳᠠᠬᠢ ᠴᠢᠬᠤᠯᠠ ᠨᠢᠬᠡᠨ ᠬᠡᠷᠡᠭᠯᠡᠭᠡᠨ ᠤ ᠦᠨ᠎ᠡ ᠴᠠᠨ᠎ᠠ ᠲᠠᠢ ᠵᠦᠢᠯᠡᠰ ᠪᠤᠯᠵᠦ ᠪᠠᠶᠢᠭᠰᠠᠨ ᠴᠤ ᠠᠵᠦ ᠠᠬᠤᠢ | ᠨᠡᠶᠢᠬᠡᠮ ᠤᠨ ᠲᠦᠷᠭᠡᠨ ᠬᠦᠭᠵᠢᠯᠳᠠ ᠶᠢ ᠲᠠᠭᠠᠯᠳᠤᠨ ᠪᠤᠷᠭᠠᠰᠤᠨ ᠤ ᠪᠤᠳᠠᠳᠤ ᠬᠡᠷᠡᠭᠯᠡᠬᠡᠨ ᠤ ᠦᠨ᠎ᠡ ᠦᠷᠳᠡᠭ ᠨᠢ | ᠲᠤᠷᠤᠭᠰᠢᠯᠠᠵᠦ ᠵᠥᠪᠬᠡᠨ ᠯᠡ ᠲᠦᠯᠡᠰᠢ ᠶᠢᠨ ᠲᠡᠳᠤᠢ ᠯᠡ ᠪᠤᠯᠵᠦ ᠬᠤᠴᠤᠷᠴᠠᠢ᠃ ᠬᠡᠪᠡᠴᠤ ᠡᠳᠡᠭᠡᠷ ᠪᠤᠷᠭᠠᠰᠤ ᠨᠢ | ᠪᠤᠩᠬᠤᠷᠠᠢ ᠨᠠᠰᠤᠳᠠᠨ ᠤ ᠭᠠᠷ ᠢ ᠲᠠᠮᠵᠢᠭᠠᠳ ᠬᠠᠷᠢᠨ ᠲᠠᠬᠢᠨ ︽ᠠᠮᠢᠯᠠᠯ︾ ᠢᠶᠠᠨ ᠣᠯᠵᠦ ᠬᠦᠮᠤᠰ ᠤᠨ ᠠᠩᠬᠠᠷᠤᠯ | ᠠᠴᠠ ᠬᠤᠯᠠᠳᠠᠭᠰᠠᠨ ᠪᠤᠷᠭᠠᠰᠤ ᠨᠢ ᠣᠷᠠᠯᠢᠭ ᠤᠨ ᠭᠠᠯᠪᠢᠷ ᠲᠦᠷᠰᠦ ᠪᠦᠬᠦᠢ ᠬᠡᠷᠡᠭᠯᠡᠬᠡᠨ ᠤ ᠡᠳ᠋ ᠪᠤᠯᠵᠦ | ᠬᠤᠪᠢᠷᠠᠭᠠᠳ ᠠᠵᠦ ᠠᠬᠤᠢ ᠶᠢᠨ ᠦᠨ᠎ᠡ ᠦᠷᠲᠡᠭ ᠦᠭᠡᠢ ᠪᠠᠶᠢᠭᠰᠠᠨ ᠠᠴᠠ ᠪᠠᠨ ᠦᠰᠦᠬᠡᠳ ᠬᠡᠳᠤᠨ ᠠᠷᠪᠠᠨ | ᠲᠥᠬᠦᠷᠢᠭ ᠠᠴᠠ ᠬᠡᠳᠤᠨ ᠵᠠᠭᠤᠨ ᠲᠥᠬᠦᠷᠢᠭ ᠲᠤ ᠬᠦᠷᠴᠠᠢ᠃ | ᠪᠤᠩᠬᠤᠷᠠᠢ ᠨᠠᠰᠤᠳᠠᠨ ᠡᠨᠡᠬᠦ ᠣᠯᠠᠮᠵᠢᠯᠠᠯᠳᠤ ᠭᠠᠷ ᠣᠷᠠᠯᠠᠯ ᠢ ᠣᠯᠠᠮ ᠴᠢᠨᠠᠭᠰᠢᠳᠠ ᠣᠯᠠᠮᠵᠢᠯᠠᠨ ᠲᠡᠯᠬᠡᠷᠡᠬᠦᠯᠬᠦ | ᠶᠢᠨ ᠲᠤᠰᠠᠳᠠ ᠢᠶᠠᠷ ᠣᠳᠤ ᠲᠤᠭᠳᠠᠮᠠᠯ ᠪᠤᠰᠤ ᠬᠤᠭᠤᠴᠠᠭ᠎ᠠ ᠲᠠᠢ ᠪᠠᠷ ᠣᠶᠢᠷ᠎ᠠ ᠵᠡᠷᠭᠡᠯᠡᠳᠡᠭᠡ ᠶᠢᠨ ᠮᠠᠯᠴᠢᠳ ᠲᠠᠭᠠᠨ | ᠬᠠᠷᠠᠮ ᠦᠭᠡᠢ ᠪᠠᠷ ᠪᠤᠯᠪᠠᠰᠤᠷᠠᠯ ᠤᠨ ᠠᠩᠬᠢ ᠡᠷᠬᠢᠯᠡᠵᠦ ᠪᠤᠢ᠃ ᠡᠨᠡ ᠨᠢ ᠨᠢᠭᠡ ᠲᠠᠯ᠎ᠠ ᠪᠠᠷ ᠨᠡᠬᠦᠳᠡᠯ ᠮᠠᠯᠵᠢᠯ ᠤᠨ | ᠰᠤᠶᠤᠯ ᠤᠨ ᠣᠯᠠᠮᠵᠢᠯᠠᠯᠳᠠ ᠲᠡᠯᠬᠡᠷᠡᠬᠦᠯᠦᠯᠳᠡ ᠶᠢ ᠠᠬᠢᠭᠤᠯᠵᠦ᠂ ᠪᠤᠷᠭᠠᠰᠤ ᠶᠢᠨ ᠠᠮᠢ ᠠᠬᠤᠢ ᠪᠠ ᠠᠵᠦ ᠠᠬᠤᠢ | ᠶᠢᠨ ᠦᠷ᠎ᠡ ᠠᠰᠢᠭ ᠢ ᠵᠡᠷᠭᠡ ᠪᠠᠷ ᠲᠡᠭᠡᠭᠰᠢᠯᠡᠬᠦᠯᠦᠭᠰᠡᠨ ᠤ ᠬᠠᠮᠳᠤ ᠮᠠᠯᠴᠢᠳ ᠤᠨ ᠰᠣᠯᠡ ᠰᠡᠯᠡᠬᠦᠤ ᠴᠠᠭ ᠢᠶᠠᠨ | ᠠᠰᠢᠭᠯᠠᠵᠦ ᠣᠷᠤᠯᠭ᠎ᠠ ᠢᠶᠠᠨ ᠨᠡᠮᠡᠭᠳᠡᠬᠦᠯᠬᠦ ᠳᠤ ᠪᠠᠰᠠ ᠨᠢᠬᠡᠨ ᠰᠢᠨ᠎ᠡ ᠵᠠᠮ ᠢ ᠨᠡᠭᠡᠭᠡᠭᠰᠡᠨ ᠠᠴᠠ ᠮᠠᠯᠴᠢᠳ ᠤᠨ | ᠢᠳᠡᠪᠬᠢᠲᠠᠢ ᠤᠷᠤᠯᠴᠠᠬᠤ ᠶᠢ ᠳᠠᠶᠢᠴᠢᠯᠠᠭᠰᠠᠨ ᠪᠠᠶᠢᠨ᠎ᠠ᠃ |