ᠪᠦᠬᠦ ᠤᠯᠤᠰ ᠤᠨ ᠨᠢᠭᠡᠳᠤᠭᠡᠷ ᠬᠤᠭᠤᠴᠠᠭᠠᠨ ᠤ ᠠᠬᠠᠮᠠᠳ ᠢᠶᠠᠨ ᠬᠦᠨᠳᠤᠯᠡᠵᠤ ᠨᠢᠯᠬᠠᠰ ᠢᠶᠠᠨ ᠬᠠᠶᠢᠷᠠᠯᠠᠬᠤ ᠶᠤᠰᠤ ᠰᠤᠷᠲᠠᠬᠤᠨ ᠤ ᠵᠢᠱᠢᠶᠡᠴᠢ — ᠤᠯᠠᠭᠠᠨᠴᠡᠴᠡᠭ
ᠨᠡᠶᠢᠲᠡᠯᠡᠭᠰᠡᠨ ᠴᠠᠭ᠄
2018-09-27
      ᠤᠯᠠᠭᠠᠨᠴᠡᠴᠡᠭ ᠪᠤᠯ 1968 ᠤᠨ ᠳᠤ ᠲᠦᠷᠦᠵᠤ ᠴᠢᠨᠡᠷ ᠤᠨ ᠢᠯᠭᠠᠯ ᠡᠮᠡᠭᠲᠠᠢ᠂ ᠭᠠᠯᠠᠭᠤᠲᠤ ᠪᠠᠯᠭᠠᠰᠤᠨ ᠎ ᠤ ᠪᠠᠶᠠᠨ᠋ᠦ᠌ᠨᠳᠤᠷ ᠭᠠᠴᠠᠭᠠᠨ ᠤ ᠭᠤᠤᠲᠤ ᠮᠠᠯᠵᠢᠯ ᠤᠨ ᠬᠤᠷᠰᠢᠶᠠᠨ ᠤ ᠮᠠᠯᠴᠢᠨ ᠪᠤᠯᠤᠨ᠎ᠠ᠃ ᠲᠡᠷᠡ ᠬᠠᠳᠠᠮ ᠠᠪᠤ ᠡᠵᠢ᠂ ᠬᠠᠳᠠᠮ ᠠᠪᠤ ᠶᠢᠨ ᠬᠢᠨᠢ ᠲᠦᠷᠦᠭᠰᠡᠨ ᠡᠵᠢ ᠪᠠ ᠡᠷᠬᠦᠭᠰᠡᠨ ᠡᠵᠢ᠂ ᠬᠠᠳᠠᠮ ᠡᠵᠢ ᠶᠢᠨ ᠬᠢᠨᠢ ᠡᠵᠢ ᠵᠡᠷᠭᠡ ᠲᠠᠪᠤᠨ ᠨᠠᠰᠤᠳᠠᠨ ᠢ ᠠᠰᠠᠷᠠᠵᠤ ᠪᠠᠶᠢᠭᠰᠠᠨ ᠶᠤᠮ᠃ ᠤᠯᠠᠭᠠᠨᠴᠡᠴᠡᠭ ᠦᠷᠯᠦᠭᠡ ᠪᠤᠯᠭᠠᠨ 4 ᠴᠠᠭ ᠭᠠᠷᠤᠢ ᠳᠤ ᠪᠤᠰᠴᠤ ᠭᠤᠷᠪᠠᠨ ᠡᠷᠡᠨ ᠤ ᠬᠤᠭᠤᠯᠠ ᠶᠢ ᠪᠡᠯᠡᠳᠬᠡᠨ᠂ ᠲᠠᠷᠢᠶ᠎ᠠ ᠲᠦᠮᠦᠰᠤ ᠪᠠᠨ ᠠᠷᠠᠴᠢᠯᠠᠨ᠂ ᠦᠭᠡᠷ ᠮᠠᠯ ᠢᠶᠠᠨ ᠳᠤᠳᠤᠮᠳᠠᠵᠤ ᠨᠢᠭᠡ ᠡᠳᠤᠷ ᠢᠶᠠᠷ ᠭᠡᠷ ᠤᠨ ᠠᠷ ᠰᠠᠷ ᠠᠵᠢᠯ ᠳᠤ ᠶᠠᠭᠠᠷᠠᠨ ᠰᠦᠨᠢ ᠳᠤ ᠪᠠᠨ ᠴᠦ ᠨᠠᠰᠤᠲᠠᠶᠢᠴᠤᠳ ᠪᠠ ᠬᠡᠤᠬᠡᠳ ᠤᠨ ᠢᠶᠠᠨ ᠬᠤᠪᠴᠠᠰᠤ ᠬᠤᠨᠠᠷ ᠢ ᠨᠢ ᠤᠬᠢᠶᠠᠨ᠂ ᠤᠶᠤᠵᠤ ᠨᠦᠬᠦᠬᠦ ᠠᠵᠢᠯ ᠢ ᠬᠢᠳᠡᠭ᠃ ᠠᠷᠪᠠᠨ ᠬᠡᠳᠤᠨ ᠵᠢᠯ ᠤᠨ ᠲᠤᠷᠰᠢ ᠲᠡᠷᠡ ᠶᠡᠷᠤᠳᠡᠭᠡᠨ ᠠᠮᠢᠳᠤᠷᠠᠯ ᠬᠤᠪᠢ ᠵᠠᠶᠠᠭᠠᠨ ᠳᠤ ᠪᠠᠨ ᠭᠤᠮᠤᠳᠠᠵᠤ ᠭᠤᠨᠢᠷᠬᠠᠬᠤ ᠦᠭᠡᠢ ᠪᠠᠷ ᠠᠯᠢᠪᠠ ᠬᠠᠶᠢᠷ᠎ᠠ ᠬᠠᠯᠠᠮᠵᠢ ᠪᠠᠨ ᠬᠠᠷᠠᠮ ᠦᠭᠡᠢ ᠵᠤᠷᠢᠭᠤᠯᠵᠤ ᠬᠦᠴᠦ ᠬᠦᠯᠦᠰᠤ ᠪᠠᠨ ᠤᠷᠤᠰᠬᠠᠨ ᠠᠶᠢᠯ ᠭᠡᠷ ᠤᠨ ᠢᠶᠠᠨ ᠲᠦᠯᠦᠭᠡ ᠵᠢᠳᠭᠦᠭᠰᠡᠭᠡᠷ ᠢᠷᠡᠵᠡᠢ᠃ ᠲᠡᠷᠡ ᠡᠮᠡᠭᠲᠠᠢ ᠬᠦᠮᠦᠨ ᠤ ᠤᠶᠠᠨ ᠵᠦᠭᠡᠯᠡᠨ ᠵᠠᠩ ᠠᠭᠠᠰᠢ ᠪᠠ ᠠᠵᠢᠯᠴᠢ ᠬᠦᠳᠡᠯᠮᠤᠷᠢᠴᠢ ᠵᠠᠩ᠂ ᠠᠰᠪᠤᠷᠢ ᠴᠠᠶᠢᠯᠭᠠᠨ ᠰᠡᠳᠬᠢᠯ  ᠲᠦᠭᠡᠮᠡᠯ ᠬᠠᠶᠢᠷ᠎ᠠ ᠪᠠᠷ ᠪᠠᠨ ᠨᠢᠭᠡ ᠭᠡᠷ ᠤᠨ ᠲᠦᠰᠢᠭ ᠲᠤᠯᠭᠠᠭᠤᠷᠢ ᠠᠶᠢᠯ ᠭᠡᠷ ᠢᠶᠠᠨ ᠳᠡᠭᠡᠭᠰᠢ ᠳᠠᠲᠠᠵᠤ ᠬᠢᠯᠠᠷᠠᠭᠤᠯᠵᠤ ᠶᠠᠪᠤᠵᠤ ᠪᠠᠶᠢᠭ᠎ᠠ ᠶᠤᠮ᠃
         ᠤᠯᠠᠭᠠᠨᠴᠡᠴᠡᠭ ᠤᠷᠢᠳ ᠬᠤᠵᠢᠳ ᠦᠪᠡᠷᠳᠡᠭᠡᠨ ᠵᠠᠰᠠᠬᠤ ᠤᠷᠤᠨ ᠤ ︽ᠠᠬᠠᠮᠠᠳ ᠢᠶᠠᠨ ᠬᠦᠨᠳᠤᠯᠡᠵᠤ ᠨᠢᠯᠬᠠᠰ ᠢᠶᠠᠨ ᠬᠠᠶᠢᠷᠠᠯᠠᠬᠤ ᠤᠳᠤᠨ︾᠂ ︽ᠲᠠᠪᠤᠨ  ᠰᠠᠶᠢᠨᠲᠠᠢ ᠪᠤᠯᠪᠠᠰᠤᠨ ᠭᠡᠷ ᠪᠦᠯᠢ︾᠂ ︽ᠡᠶ᠎ᠡ ᠵᠤᠬᠢᠴᠠᠯᠲᠤ ᠭᠡᠷ ᠪᠦᠯᠢ︾᠂ ᠪᠦᠬᠦ ᠬᠤᠲᠠ ᠶᠢᠨ ︽ᠲᠠᠪᠤᠨ ᠰᠠᠶᠢᠨᠲᠠᠢ ᠪᠤᠯᠪᠠᠰᠤᠨ ᠡᠷᠤᠬᠡ ᠶᠢᠨ ᠵᠢᠱᠢᠶᠡᠴᠢ ᠭᠡᠷ ᠪᠦᠯᠢ︾᠂ ︽ᠡᠶ᠎ᠡ ᠵᠤᠬᠢᠴᠠᠯᠲᠤ ᠭᠡᠷ ᠪᠦᠯᠢ︾᠎ ᠪᠠᠷ ᠰᠤᠩᠭᠤᠭᠳᠠᠪᠠ᠃
 
ᠢᠷᠡᠯᠲᠡ᠄ ᠳᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号