ᠲᠤᠭᠤᠷᠢᠮ ᠭᠠᠴᠠᠭ᠎ᠠ ᠨᠢ ᠦᠤᠰᠢᠨ ᠬᠤᠰᠢᠭᠤᠨ ᠤ ᠰᠦᠯᠳᠡ ᠰᠤᠮᠤᠨ ᠤ ᠵᠡᠭᠦᠨ ᠬᠤᠶᠢᠳᠤ ᠪᠡᠶ᠎ᠠ ᠳᠤ | ᠪᠠᠶᠢᠷᠢᠯᠠᠵᠦ᠂ ᠦᠤᠰᠢᠨ ᠬᠤᠰᠢᠭᠤᠨ ᠤ ᠲᠦᠪ ᠭᠠᠯᠠᠭᠤᠳᠤ ᠪᠠᠯᠭᠠᠰᠤᠨ ᠠᠴᠠ 17 ᠺᠢᠯᠤᠮᠧᠲᠷ ᠵᠠᠢ ᠲᠠᠢ ᠪᠠᠶᠢᠵᠦ᠂ | ᠤᠷᠳᠤᠰ ᠤᠨ ᠨᠠᠷᠢᠨ ᠨᠤᠤᠰᠤᠳᠤ ᠬᠤᠨᠢ ᠮᠠᠯᠵᠢᠬᠤ ᠪᠠᠷ ᠭᠤᠤᠯᠳᠠᠯᠭ᠎ᠠ ᠪᠤᠯᠭᠠᠭᠰᠠᠨ ᠴᠤᠯ ᠮᠠᠯᠵᠢᠬᠤ ᠭᠠᠴᠠᠭ᠎ᠠ | ᠪᠤᠯᠤᠨ᠎ᠠ᠃ | | | | | | | ᠭᠠᠴᠠᠭᠠᠨ ᠤ ᠬᠡᠪᠴᠢᠶᠡᠨ ᠳᠤ ᠦᠨᠢ ᠡᠷᠳᠡᠨ ᠤ ᠲᠡᠤᠬᠡ ᠰᠤᠶᠤᠯ ᠤᠨ ᠦᠨᠡᠳᠤ ᠦᠪ ᠲᠤᠭᠤᠷᠢᠮ ᠤᠨ | ᠰᠦᠮ᠎ᠠ ᠠᠴᠠ ᠡᠬᠢᠯᠡᠭᠡᠳ ᠦᠯᠢᠭᠡᠷ ᠲᠤᠮᠤᠭᠳᠤ ᠲᠤᠭᠤᠷᠢᠮ ᠤᠨ ᠨᠠᠭᠤᠷ᠂ ᠶᠡᠭᠡ ᠪᠠᠭ᠎ᠠ ᠬᠠᠳᠠᠨ ᠠᠭᠤᠢ᠂ ᠡ᠊ᠩ | ᠵᠡᠷᠭᠡᠴᠡᠭᠰᠡᠨ ᠶᠡᠭᠡ ᠪᠠᠭ᠎ᠠ ᠠᠪᠳᠠᠷ᠎ᠠ ᠶᠢᠨ ᠡᠷᠢᠶᠡᠨ᠂ ᠢᠷᠦᠭᠠᠷ ᠨᠢ ᠦᠵᠡᠭᠳᠡᠭᠦ ᠦᠭᠡᠢ ᠪᠠᠷᠢᠭᠤᠬᠠᠢ ᠶᠢᠨ ᠵᠠᠳᠠᠭᠠᠢ᠂ | ᠠᠷᠠᠳᠴᠢᠯᠠᠭᠰᠠᠨ ᠬᠤᠪᠢᠰᠬᠠᠯᠴᠢ ᠰᠢᠨᠡᠯᠡᠮᠠ ᠶᠢᠨ ᠬᠠᠭᠤᠴᠢᠨ ᠪᠠᠭᠤᠷᠢ ᠪᠠ ᠤᠨ ᠤᠳᠠᠭᠰᠠᠨ ᠤᠪᠤᠭᠠᠨ | ᠲᠠᠬᠢᠯᠭ᠎ᠠ ᠶᠢᠨ ᠰᠤᠶᠤᠯ ᠵᠢᠴᠢ ᠪᠦᠳᠡᠭᠡᠭᠦᠯ ᠤᠨ ᠤᠷᠤᠢ᠂ ᠬᠡᠶᠢᠮᠦᠷᠢ ᠲᠤᠯᠤᠭᠠᠢ ᠵᠡᠷᠭᠡ ᠲᠠᠨᠢᠭᠡᠷ ᠠᠭᠤᠳᠠᠮ ᠰᠢᠯᠢ | ᠬᠦᠳᠡᠭᠡ ᠬᠦᠬᠡᠷᠡᠨ ᠵᠠᠯᠭᠠᠯᠳᠤᠵᠦ᠂ ᠪᠠᠶᠠᠨ᠊ᠩᠭᠡᠷ ᠤᠨ ᠪᠤᠷᠭᠠᠰᠤᠨ ᠲᠦᠭᠦᠮ ᠤᠳ ᠢᠶᠠᠷ ᠡᠮᠵᠢᠶᠡᠷᠢᠯᠡᠵᠦ᠂ ᠪᠠᠶᠠᠬᠠᠢ ᠶᠢᠨ | ᠪᠠᠯᠠᠷ ᠤᠨ ᠨᠤᠮᠢᠨ ᠪᠦᠷᠢᠳᠤ ᠪᠠᠷ ᠬᠦᠪᠡᠭᠡᠯᠡᠵᠦ᠂ ᠲᠡᠭᠡᠳᠤ ᠨᠡᠷᠢᠨ ᠤ ᠲᠠᠷᠡᠰᠤᠨ ᠴᠠᠶᠢᠳᠠᠮ ᠲᠠᠢ ᠨᠡᠶᠢᠯᠡᠭᠡᠳ ᠪᠠᠶᠠᠨ | ᠲᠠᠩᠰᠤᠭ ᠮᠤᠩᠭᠤᠯ ᠨᠤᠳᠤᠭ ᠤᠨ ᠦᠩᠭᠡ ᠦᠵᠡᠮᠵᠢ ᠶᠢ ᠪᠦᠷᠢᠳᠦᠭᠦᠯᠦᠭᠰᠡᠨ ᠠᠰᠢᠳᠠ ᠶᠢᠨ ᠰᠠᠶᠢᠬᠠᠨ ᠤᠷᠤᠨ | ᠪᠤᠯᠤᠭᠰᠠᠨ ᠪᠠᠶᠢᠨ᠎ᠠ᠃ ᠡᠨᠡ ᠬᠦ ᠰᠠᠶᠢᠬᠠᠨ ᠤᠷᠤᠨ ᠳᠤ ᠤᠷᠴᠢᠮ ᠤᠨ ᠵᠢᠯ ᠠᠴᠠ ᠦᠪ ᠰᠤᠶᠤᠯ ᠢᠶᠠᠨ ᠬᠦᠭᠵᠢᠭᠦᠯᠦᠨ | ᠦᠭᠡᠳᠡᠯᠡᠯ ᠤᠨ ᠵᠢᠯᠤᠭᠤ ᠰᠤᠩᠭᠠᠭᠰᠠᠨ ᠮᠦᠷᠳᠡᠭᠡᠨ ᠭᠠᠵᠠᠷ ᠤᠷᠤᠨ ᠤ ᠪᠠᠶᠢᠷᠢᠯᠠᠯ ᠳᠠᠭᠠᠨ ᠲᠦᠰᠢᠭᠯᠡᠨ ᠮᠠᠯᠴᠢᠨ | ᠠᠶᠢᠯ ᠤᠨ ᠤᠷᠤᠯᠴᠠᠯᠭᠠᠳᠤ ᠵᠢᠭᠤᠯᠴᠢᠯᠠᠯ ᠵᠢᠴᠢ ︽ᠠᠮᠢ ᠰᠤᠪᠢᠯᠠᠯ ᠤᠨ ᠡᠷᠡᠭᠦᠯᠵᠢᠯ ᠤᠨ ᠲᠦᠪ︾ ᠪᠠᠶᠢᠭᠤᠯᠵᠦ᠂ | ᠮᠠᠯᠴᠢᠳ ᠤᠨ ᠤᠷᠤᠯᠭ᠎ᠠ ᠶᠢ ᠨᠡᠮᠡᠭᠳᠡᠭᠦᠯᠬᠦ ᠶᠢᠨ ᠬᠠᠮᠳᠤ ᠨᠠᠰᠤᠵᠢᠯ ᠤᠨ ᠠᠰᠠᠭᠤᠳᠠᠯ ᠢ ᠰᠢᠢᠳᠪᠤᠷᠢᠯᠡᠬᠦ ᠪᠠᠷ | ᠢᠳᠡᠪᠬᠢᠯᠡᠨ ᠴᠢᠷᠮᠠᠶᠢᠵᠦ ᠪᠠᠶᠢᠨ᠎ᠠ᠃ | ᠮᠠᠶᠢᠵᠢᠬᠢ ᠲᠠᠶᠢᠵᠢᠬᠢ ᠠᠯᠬᠤᠯᠠᠭᠰᠠᠨ ᠨᠠᠰᠤᠳᠠᠳ ᠪᠡᠶ᠎ᠠ ᠶᠢᠨ ᠴᠢᠯᠡᠭᠡ ᠪᠠᠨ ᠲᠠᠶᠢᠯᠬᠤ ᠭᠡᠮᠡᠨ ᠡᠷᠬᠢᠴᠡᠬᠦ ᠪᠤᠶᠤ | ᠡᠪᠡᠳᠴᠢᠨ ᠡᠮᠬᠡᠭ ᠲᠤ ᠲᠠᠭᠠᠷᠢᠭᠳᠠᠭᠰᠠᠨ ᠨᠠᠰᠤᠳᠠᠳ ᠡᠷᠳᠡ ᠡᠳᠤᠷ ᠱᠠᠯᠠᠮᠠᠭᠠᠢ ᠬᠦᠳᠦᠯᠦᠯ ᠪᠠᠷᠢᠯ ᠲᠠᠢ ᠪᠤᠯᠤᠨ᠎ᠠ | ᠭᠡᠮᠡᠨ ᠬᠦᠯ ᠭᠠᠷ ᠢᠶᠠᠨ ᠪᠤᠯᠪᠠᠰᠤᠷᠠᠨ᠎ᠠ᠃ ᠨᠦᠭᠦᠭᠡ ᠲᠠᠯ᠎ᠠ ᠳᠤᠨᠢ ᠨᠢᠭᠡ ᠪᠦᠯᠦᠭ ᠨᠠᠰᠤᠲᠠᠳ ᠵᠤᠭᠤᠭᠳᠠᠨ | ᠰᠠᠭᠤᠵᠠᠭᠠᠵᠦ ᠪᠠᠶᠢᠭ᠎ᠠ ᠬᠠᠷᠠᠭᠳᠠᠨ᠎ᠠ᠃ ᠡᠨᠡ ᠪᠤᠯ ᠲᠠᠷᠤᠢ ᠲᠤᠭᠤᠷᠢᠮ ᠭᠠᠴᠠᠭᠠᠨ ᠤ ︽ᠠᠮᠢ ᠰᠤᠪᠢᠯᠠᠯ ᠤᠨ | ᠡᠷᠡᠭᠦᠯᠵᠢᠯ ᠤᠨ ᠲᠦᠪ︾ ᠤᠨ ᠭᠡᠰᠡᠭ ᠦᠵᠡᠭᠳᠡᠯ ᠪᠤᠯᠤᠨ᠎ᠠ᠃ | | | | | | ᠡᠨᠡ ᠬᠦ ᠡᠷᠡᠭᠦᠯᠵᠢᠯ ᠤᠨ ᠲᠦᠪ ᠨᠢ ᠦᠨᠦ ᠵᠢᠯ ᠤᠨ ᠲᠠᠪᠤᠳᠤᠭᠠᠷ ᠰᠠᠷ᠎ᠠ ᠠᠴᠠ ᠡᠬᠢᠯᠡᠨ ᠡᠭᠦᠳᠡ ᠪᠠᠨ | ᠨᠡᠭᠡᠭᠡᠵᠦ ᠡᠷᠦᠬᠡ ᠪᠠᠨ ᠰᠡᠭᠦᠵᠠᠢ᠃ ᠡᠷᠡᠭᠦᠯᠵᠢᠯ ᠤᠨ ᠲᠦᠪ ᠨᠢ ᠨᠡᠶᠢᠳᠡ 330 ᠲᠦᠮᠡᠨ ᠲᠦᠭᠦᠷᠢᠭ ᠤᠨ ᠪᠡᠯᠡ | ᠤᠷᠤᠭᠤᠯᠵᠦ᠂ 2000 ᠲᠡᠭᠰᠢ ᠲᠦᠷᠪᠡᠯᠵᠢᠨ ᠮᠧᠲᠷ ᠤᠨ ᠲᠠᠯᠠᠪᠠᠢ ᠲᠠᠢ᠂ ᠡᠭᠦᠨ ᠳᠤ ᠡᠷᠡᠭᠦᠯᠵᠢᠯ ᠤᠨ ᠲᠦᠪ ᠨᠢ | 1200 ᠲᠡᠭᠰᠢ ᠲᠦᠷᠪᠡᠯᠵᠢᠨ ᠮᠧᠲᠷ ᠢ ᠡᠵᠡᠯᠡᠵᠦ᠂ ᠮᠤᠩᠭᠤᠯ ᠡᠮᠨᠡᠯᠭᠡ ᠶᠢᠨ ᠮᠦᠽᠸᠢ ᠨᠢ 300 ᠲᠡᠭᠰᠢ | ᠲᠦᠷᠪᠡᠯᠵᠢᠨ ᠮᠧᠲᠷ ᠢ ᠡᠵᠡᠯᠡᠨ᠎ᠠ᠃ ᠤᠳᠤᠬᠠᠨ ᠳᠤ ᠡᠷᠡᠭᠦᠯᠵᠢᠯ ᠤᠨ ᠲᠦᠪ ᠨᠢ ᠡᠮ ᠤᠨ ᠭᠡᠷ᠂ ᠡᠮᠳᠤ | ᠤᠬᠢᠶᠠᠯᠠᠭ᠎ᠠ ᠶᠢᠨ ᠲᠠᠰᠤᠭ᠂ ᠴᠡᠭᠡ ᠶᠢᠨ ᠵᠠᠰᠠᠯᠭ᠎ᠠ ᠶᠢᠨ ᠦᠷᠦᠭᠡ᠂ ᠠᠵᠢᠯᠯᠠᠭᠠᠨ ᠤ ᠦᠷᠦᠭᠡ᠂ ᠬᠤᠭᠤᠯᠠᠨ ᠭᠡᠷ ᠪᠠ | 3 ᠡᠮᠴᠢ 40 ᠡᠪᠡᠳᠴᠢᠲᠠᠨ ᠤ ᠤᠷᠦ ᠶᠢ ᠴᠦᠮ ᠲᠦᠭᠦᠷᠵᠢᠭᠦᠯᠵᠦ᠂ ᠤᠯᠠᠮᠵᠢᠯᠠᠯᠳᠤ ᠡᠮ ᠡᠮᠨᠡᠯᠭᠡ ᠶᠢᠨ | ᠰᠤᠶᠤᠯ ᠢᠶᠠᠨ ᠤᠯᠠᠮᠵᠢᠯᠠᠵᠦ ᠬᠦᠭᠵᠢᠭᠦᠯᠵᠦ ᠴᠢᠳᠠᠭᠰᠠᠨ ᠢᠶᠠᠷ ᠪᠠᠷᠠᠬᠤ ᠦᠭᠡᠢ ᠨᠤᠳᠤᠭ ᠤᠨ ᠲᠦᠮᠡᠨ ᠳᠡᠭᠡᠨ | ᠡᠷᠡᠭᠦᠯᠵᠢᠯ ᠤᠨ ᠦᠢᠯᠡᠴᠢᠯᠡᠭᠡ ᠬᠠᠩᠭᠠᠵᠦ ᠪᠠᠶᠢᠨ᠎ᠠ᠃ | ᠡᠨᠡ ᠬᠦ ᠡᠷᠡᠭᠦᠯᠵᠢᠯ ᠤᠨ ᠲᠦᠪ ᠢ ᠪᠠᠶᠢᠭᠤᠯᠤᠭᠰᠠᠨ ᠵᠤᠷᠢᠯᠭ᠎ᠠ ᠶᠢᠨ ᠲᠤᠬᠠᠢ ᠲᠤᠭᠤᠷᠢᠮ ᠭᠠᠴᠠᠭᠠᠨ ᠤ | ᠲᠠᠷᠤᠭ᠎ᠠ ᠲᠠᠯᠠᠶᠢᠪᠠᠶᠠᠷ᠄ ︽ᠮᠠᠨ ᠤ ᠲᠤᠭᠤᠷᠢᠮ ᠭᠠᠴᠠᠭᠠᠨ ᠳᠤ ᠲᠠᠪᠢᠭᠠᠳ ᠤᠨ ᠤ ᠦᠶᠡᠰ ᠲᠤ ᠪᠠᠰᠠ | ᠵᠢᠷᠭᠠᠯᠠᠩ ᠤᠨ ᠬᠦᠷᠢᠶᠡᠯᠡᠩ ᠭᠡᠮᠡᠬᠦ ᠠᠰᠠᠷᠠᠮᠵᠢ ᠶᠢᠨ ᠲᠦᠪ ᠪᠠᠶᠢᠵᠦ᠂ ᠨᠤᠳᠤᠭ ᠤᠨ ᠭᠤᠤᠨᠢ ᠨᠠᠰᠤᠲᠠᠨ᠂ ᠪᠡᠶ᠎ᠠ ᠪᠠᠨ | ᠠᠰᠠᠷᠠᠵᠦ ᠲᠤᠳᠤᠮᠳᠠᠵᠦ ᠲᠡᠶᠢᠯᠬᠦ ᠦᠭᠡᠢ ᠨᠠᠰᠤᠲᠠᠳ ᠢ ᠡ᠊ᠨᠳᠡ ᠠᠪᠴᠢᠷᠠᠵᠦ ᠠᠰᠠᠷᠠᠵᠦ ᠬᠠᠷᠠᠭᠠᠯᠵᠠᠳᠠᠭ ᠪᠠᠶᠢᠭᠰᠠᠨ᠃ | ᠡᠨᠡ ᠬᠦ ᠡᠷᠡᠭᠦᠯᠵᠢᠯ ᠤᠨ ᠲᠦᠪ ᠢ ᠪᠠᠶᠢᠭᠤᠯᠤᠭᠰᠠᠨ ᠤ ᠵᠤᠷᠢᠯᠭ᠎ᠠ ᠪᠤᠯ ᠲᠠᠷᠤᠢ ᠲᠡᠷᠡ ᠬᠦ ᠠᠰᠠᠷᠠᠮᠵᠢ ᠶᠢᠨ ᠲᠦᠪ ᠢ | ᠰᠡᠷᠭᠦᠭᠡᠵᠦ᠂ ᠨᠤᠳᠤᠭ ᠤᠨ ᠢᠶᠠᠨ ᠰᠠᠶᠢᠨ ᠰᠠᠶᠢᠬᠠᠨ ᠶᠤᠰᠤ ᠰᠤᠷᠳᠠᠬᠤᠨ ᠢ ᠵᠠᠯᠭᠠᠮᠵᠢᠯᠠᠵᠦ᠂ ᠮᠠᠨ ᠤ | ᠨᠤᠳᠤᠭ ᠤᠨ ᠢᠶᠠᠨ ᠡᠪᠡᠳᠴᠢᠨ ᠵᠤᠪᠠᠯᠠᠩ ᠲᠠᠢ ᠲᠠᠪᠤᠨ ᠪᠠᠳᠤᠯᠠᠭᠠᠳᠤ ᠡᠷᠦᠬᠡ ᠶᠢ ᠡ᠊ᠨᠳᠡ ᠠᠪᠴᠢᠷᠠᠨ ᠠᠰᠠᠷᠠᠵᠦ | ᠬᠠᠷᠠᠭᠠᠯᠵᠠᠨ᠂ ᠦᠨ᠎ᠠ ᠲᠦᠯᠦᠪᠦᠷᠢ ᠦᠭᠡᠢ ᠪᠠᠷ ᠡᠮᠴᠢᠯᠡᠭᠡ ᠬᠢᠯᠭᠡᠬᠦ ᠪᠠᠷ ᠪᠠᠶᠢᠨ᠎ᠠ᠃ ᠡᠨᠡ ᠨᠢ ᠮᠦᠨ ᠴᠤ ᠮᠠᠨ ᠤ | ᠭᠠᠴᠠᠭᠠᠨ ᠤ ᠤᠨᠢᠨ ᠲᠡᠭᠡᠷ᠎ᠠ ᠨᠢ ᠶᠠᠳᠠᠭᠤ ᠶᠢ ᠲᠡᠳᠭᠦᠭᠦ ᠪᠠ ᠨᠠᠰᠤᠵᠢᠯ ᠤᠨ ᠠᠰᠠᠭᠤᠳᠠᠯ ᠢ ᠰᠢᠢᠳᠪᠤᠷᠢᠯᠡᠬᠦ ᠪᠤᠲᠠᠲᠠᠢ | ᠠᠷᠭ᠎ᠠ ᠬᠡᠮᠵᠢᠶ᠎ᠠ ᠪᠤᠯᠤᠨ᠎ᠠ᠃ ᠲᠡᠭᠦᠨᠴᠢᠯᠡᠨ ᠤᠯᠠᠮᠵᠢᠯᠠᠯᠳᠤ ᠮᠤᠩᠭᠤᠯ ᠡᠮ ᠡᠮᠨᠡᠯᠭᠡ ᠶᠢᠨ ᠦᠢᠯᠡᠰ ᠤᠨ | ᠬᠦᠭᠵᠢᠯᠲᠡ ᠳᠤ ᠬᠦᠴᠦ ᠬᠠᠨᠳᠢᠪ ᠢᠶᠠᠨ ᠡᠷᠭᠦᠵᠦ᠂ ᠮᠤᠩᠭᠤᠯ ᠡᠮᠨᠡᠯᠭᠡ ᠶᠢᠨ ᠷᠢᠳᠢ ᠰᠢᠳᠢ ᠶᠢ ᠬᠦᠮᠦᠰ ᠲᠤ | ᠮᠡᠳᠡᠭᠦᠯᠬᠦ ᠶᠢᠨ ᠲᠦᠯᠦᠭᠡ ᠶᠤᠮ︾ ᠭᠡᠮᠡᠨ ᠨᠠᠷᠢᠨ ᠤᠴᠢᠷᠯᠠᠨ᠎ᠠ᠃ | ᠲᠤᠰ ᠡᠷᠡᠭᠦᠯᠵᠢᠯ ᠤᠨ ᠲᠦᠪ ᠨᠢ ᠦᠪᠡᠷᠳᠡᠭᠡᠨ ᠵᠠᠰᠠᠬᠤ ᠤᠷᠤᠨ ᠤ ᠮᠤᠩᠭᠤᠯ ᠡᠮ ᠡᠮᠨᠡᠯᠭᠡ ᠶᠢᠨ ᠲᠠᠪᠤᠨ | ᠷᠠᠰᠢᠶᠠᠨ ᠵᠠᠰᠠᠯ ᠤᠨ ᠤᠯᠠᠮᠵᠢᠯᠠᠭᠴᠢ ᠯᠠᠭᠱᠠᠨᠪᠦᠷᠢᠨ ᠪᠠᠭᠰᠢ ᠶᠢ ᠤᠷᠢᠨ ᠡᠮᠴᠢᠯᠡᠭᠦᠯᠵᠦ ᠪᠠᠶᠢᠭ᠎ᠠ ᠪᠦᠭᠡᠳ ᠲᠡᠭᠦᠨ ᠤ | ᠤᠯᠠᠮᠵᠢᠯᠡᠯᠳᠤ ᠲᠠᠪᠤᠨ ᠷᠠᠰᠢᠶᠠᠨ ᠵᠠᠰᠠᠯ ᠵᠢᠴᠢ ᠲᠤᠭᠤᠷᠢᠮ ᠭᠠᠴᠠᠭᠠᠨ ᠤ ᠡᠭᠦᠳᠡᠨ ᠡᠮᠨᠡᠯᠭᠡ ᠲᠠᠢ ᠬᠤᠷᠰᠢᠨ | ᠠᠵᠢᠯᠯᠠᠵᠦ ᠡᠮᠨᠡᠯᠭᠡ ᠵᠠᠰᠠᠯ ᠢ ᠤᠷᠭᠠᠨᠢᠭ ᠢᠶᠠᠷ ᠤᠶᠠᠯᠳᠤᠭᠤᠯᠤᠭᠠᠳ᠂ ᠬᠤᠯᠠ ᠤᠢᠢᠷ᠎ᠠ ᠶᠢᠨ ᠵᠠᠰᠠᠯ ᠠᠪᠬᠤ | ᠬᠦᠮᠦᠰ ᠲᠤ ᠤᠭᠢᠶᠠᠯᠠᠭᠠ ᠶᠢᠨ ᠵᠠᠰᠠᠯ᠂ ᠴᠡᠭᠡ ᠵᠠᠰᠠᠯ᠂ ᠢᠯᠢᠵᠦ ᠨᠤᠬᠤᠯᠠᠬᠤ ᠵᠠᠰᠠᠯ᠂ ᠡᠭᠦᠳᠡᠨ ᠡᠮᠨᠡᠯᠭᠡ ᠶᠢᠨ | ᠲᠦᠭᠦᠮ ᠨᠦᠭᠦᠴᠡᠯ ᠬᠠᠩᠭᠠᠵᠦ ᠪᠠᠶᠢᠨ᠎ᠠ᠃ ᠡᠷᠡᠭᠦᠯᠵᠢᠯ ᠤᠨ ᠲᠦᠪ ᠨᠢ ᠠᠰᠢᠭᠯᠠᠯᠲᠠ ᠳᠤ ᠤᠷᠤᠭᠠᠳ ᠤᠳᠠᠭᠠᠳᠤᠢ | ᠪᠤᠯᠪᠠᠴᠤ ᠰᠤᠷᠠᠭ ᠢᠶᠠᠷ ᠢᠷᠡᠭᠰᠡᠨ ᠬᠦᠮᠦᠰ ᠡᠳᠤᠷ ᠢᠷᠡᠭᠦᠶ᠎ᠠ ᠤᠯᠠᠰᠢᠷᠠᠵᠦ᠂ ᠤᠢᠢᠷ᠎ᠠ ᠤᠷᠴᠢᠮ ᠤᠨ ᠰᠤᠮᠤ | ᠪᠠᠯᠭᠠᠰᠤ ᠠᠴᠠ ᠬᠦᠮᠦᠰ ᠢᠷᠡᠵᠡᠭᠡᠳᠡᠭ ᠪᠠᠶᠢᠭᠰᠠᠨ ᠠᠴᠠ ᠪᠠᠨ ᠦᠭᠡᠷ᠎ᠠ ᠬᠤᠰᠢᠭᠤ ᠠᠶᠢᠮᠠᠭ᠂ ᠴᠢᠨᠠᠭᠰᠢᠯᠠᠨ ᠦᠭᠡᠷ᠎ᠠ | ᠮᠤᠵᠢ ᠤᠷᠤᠨ ᠠᠴᠠ ᠴᠤ ᠬᠦᠮᠦᠰ ᠴᠤᠪᠤᠷᠠᠯᠳᠤᠨ ᠡᠮᠴᠢᠯᠡᠭᠡ ᠰᠤᠪᠢᠯᠠᠭ᠎ᠠ ᠬᠢᠯᠭᠡᠳᠡᠭ ᠪᠤᠯᠵᠠᠢ᠃ ᠦᠤᠰᠢᠨ | ᠬᠤᠰᠢᠭᠤᠨ ᠤ ᠲᠤᠭ ᠪᠠᠯᠭᠠᠰᠤᠨ ᠤ ᠰᠡᠴᠡᠨᠪᠢᠯᠢᠭ᠄ ︽ᠡᠪᠡᠳᠴᠢᠨ ᠢᠶᠠᠨ ᠦᠵᠡᠭᠦᠯᠦᠭᠡᠳ ᠨᠢᠭᠡᠨᠲᠡ ᠲᠦᠷᠪᠡ | ᠬᠤᠨᠤᠭ ᠪᠤᠯᠵᠠᠢ᠃ ᠤᠳᠤ ᠪᠤᠯᠬᠤ ᠳᠤ ᠪᠡᠶ᠎ᠠ ᠨᠡᠯᠢᠶᠡᠳ ᠬᠦᠩᠭᠡᠷᠡᠵᠦ᠂ ᠡᠮ ᠤᠨ ᠤᠩᠭᠤᠴᠡᠨ ᠳᠤ ᠬᠦᠮᠦᠨ ᠢᠶᠠᠷ | ᠲᠦᠰᠢᠭᠦᠯᠵᠦ ᠲᠤᠯᠤᠭᠤᠯᠤᠨ ᠤᠷᠤᠵᠦ ᠪᠠᠶᠢᠭᠰᠠᠨ ᠠᠴᠠ ᠪᠠᠨ ᠦᠪᠡᠷ ᠢᠶᠠᠨ ᠤᠷᠤᠵᠦ ᠭᠠᠷᠬᠤ ᠴᠢᠳᠠᠯ ᠲᠠᠢ ᠪᠤᠯᠵᠠᠢ᠃ | ᠴᠢᠨᠠᠭᠰᠢᠯᠠᠨ ᠱᠠᠳᠤ ᠮᠠᠴᠤᠬᠤ ᠲᠡᠩᠭᠡᠭᠡ ᠲᠠᠢ ᠪᠤᠯᠤᠭᠰᠠᠨ ᠰᠢᠦ︾ ᠭᠡᠮᠡᠨ ᠪᠠᠶᠠᠷᠳᠠᠶᠢᠬᠠᠨ ᠶᠠᠷᠢᠨ᠎ᠠ᠃ | | | | | | ᠡᠶᠢᠨ ᠬᠦ ᠡᠨᠡ ᠬᠦ ᠡᠷᠡᠭᠦᠯᠵᠢᠯ ᠤᠨ ᠲᠦᠪ ᠠᠴᠠ ᠡᠨᠡᠷᠢᠯ ᠬᠠᠶᠢᠷ᠎ᠠ ᠬᠠᠯᠭᠢᠯᠠᠵᠦ᠂ ᠨᠠᠮ ᠵᠠᠰᠠᠭ ᠠᠴᠠ | ᠨᠤᠳᠤᠭ ᠤᠨ ᠪᠤᠭᠤᠷᠤᠯᠴᠤᠳ ᠲᠠᠭᠠᠨ ᠡᠷᠡᠭᠦᠯ ᠡ᠊ᠩᠭᠡ ᠶᠢ ᠠᠪᠴᠢᠷᠠᠵᠦ᠂ ᠲᠠᠳᠠᠨᠠᠷ ᠤᠨ ᠡᠮᠴᠢᠯᠡᠭᠡ ᠰᠤᠪᠢᠯᠠᠭ᠎ᠠ ᠬᠢᠬᠦ | ᠨᠦᠭᠦᠴᠡᠯ ᠢ ᠰᠠᠶᠢᠵᠢᠷᠠᠭᠤᠯᠬᠤ ᠭᠡᠰᠡᠨ ᠨᠢᠩᠵᠢᠨ ᠰᠡᠳᠭᠢᠯ ᠠᠭᠤᠯᠤᠭᠳᠠᠵᠦ᠂ ᠲᠠᠳᠠᠨᠠᠷ ᠲᠤ ᠦᠳᠡᠯᠦᠭᠡ ᠨᠠᠰᠤᠨ ᠤ | ᠦᠨᠢᠷ ᠵᠢᠷᠭᠠᠯ ᠢ ᠡᠳᠡᠯᠡᠭᠦᠯᠬᠦ ᠪᠠᠷ ᠨᠦᠭᠦᠴᠡᠯ ᠪᠤᠷᠢᠯᠳᠦᠭᠦᠯᠦᠨᠠ᠃ ᠮᠦᠨ ᠴᠤ ᠮᠤᠩᠭᠤᠯ ᠡᠮ ᠡᠮᠨᠡᠯᠭᠡ ᠪᠠᠷ | ᠡᠮᠴᠢᠯᠡᠭᠡ ᠰᠤᠪᠢᠯᠠᠭ᠎ᠠ ᠬᠢᠬᠦ ᠰᠢᠨ᠎ᠠ ᠵᠠᠭᠪᠤᠷ ᠢ ᠰᠦᠪᠡᠭᠴᠢᠯᠡᠨ᠎ᠠ᠃ |