2018 ᠤᠨ ᠤ 12 ᠰᠠᠷ᠎ᠠ ᠶᠢᠨ 13 ᠤ ᠡᠳᠤᠷ᠂ ᠦᠤᠰᠢᠨ ᠬᠤᠰᠢᠭᠤᠨ ᠤ ᠲᠠᠩᠰᠠᠯᠠᠭᠤᠯᠬᠤ ᠪᠠᠷ | ᠭᠤᠶᠤᠴᠢᠯᠠᠭᠰᠠᠨ ᠦᠤᠰᠢᠨ ᠤ ᠨᠡᠷᠡᠶᠢᠳᠤᠯ ᠢᠶᠠᠷ ᠨᠡᠷᠡᠯᠡᠭᠰᠡᠨ ︽ᠦᠤᠰᠢᠨ ᠤ ᠤᠯᠠᠭᠠᠨ ᠠᠮᠤ︾ ᠲᠠᠸᠠᠷ ᠤᠨ | ᠲᠡᠮᠳᠡᠭ ᠢ ᠤᠯᠤᠰ ᠤᠨ ᠮᠡᠳᠡᠯᠭᠡ ᠶᠢᠨ ᠦᠮᠴᠢᠯᠡᠯ ᠤᠨ ᠡᠷᠭᠡ ᠶᠢᠨ ᠲᠤᠪᠴᠢᠶ᠎ᠠ ᠠᠴᠠ ᠲᠠᠩᠰᠠᠯᠠᠭᠤᠯᠬᠤ ᠶᠢ | ᠵᠦᠪᠰᠢᠶᠡᠷᠡᠵᠤ᠂ ᠦᠤᠰᠢᠨ ᠬᠤᠰᠢᠭᠤᠨ ᠤ ᠠᠩᠬᠠᠳᠠᠭᠴᠢ ᠭᠠᠵᠠᠷ ᠵᠦᠢ ᠶᠢᠨ ᠰᠢᠨᠵᠢ ᠲᠡᠮᠳᠡᠭ ᠢ ᠭᠡᠷᠡᠴᠢᠯᠡᠭᠰᠡᠨ | ᠲᠠᠸᠠᠷ ᠤᠨ ᠲᠡᠮᠳᠡᠭ ᠪᠤᠯᠵᠤ᠂ ᠦᠤᠰᠢᠨ ᠬᠤᠰᠢᠭᠤᠨ ᠤ ᠭᠠᠵᠠᠷ ᠵᠦᠢ ᠶᠢᠨ ᠰᠢᠨᠵᠢ ᠲᠡᠮᠳᠡᠭ ᠢ ᠭᠡᠷᠡᠴᠢᠯᠡᠭᠰᠡᠨ | ᠲᠡᠸᠠᠷ ᠤᠨ ᠲᠡᠮᠳᠡᠭ ᠤᠨ ᠬᠤᠭᠤᠰᠤᠨ ᠢ ᠨᠦᠬᠦᠪᠤᠷᠢᠯᠡᠭᠰᠡᠨ ᠪᠠᠶᠢᠨ᠎ᠠ᠃ | ︽ᠦᠤᠰᠢᠨ ᠤ ᠤᠯᠠᠭᠠᠨ ᠠᠮᠤ︾ ᠪᠤᠯ ᠦᠤᠰᠢᠨ ᠬᠤᠰᠢᠭᠤᠨ ᠤ ᠤᠨᠴᠠᠯᠢᠬᠳᠤ ᠲᠠᠷᠢᠶᠠᠯᠠᠩ ᠤᠨ | ᠦᠢᠯᠡᠳᠭᠦᠨ ᠤ ᠨᠢᠭᠡ ᠮᠦᠨ᠂ ᠲᠡᠷᠡ ᠨᠢ ᠪᠤᠰᠤᠳ ᠭᠠᠵᠠᠷ ᠤᠷᠤᠨ ᠤ ᠠᠮᠤ ᠠᠴᠠ ᠢᠯᠭᠠᠭᠳᠠᠬᠤ ᠤᠨᠴᠠᠯᠢᠭ ᠪᠠ | ᠤᠷᠤᠨ ᠨᠤᠳᠤᠭ ᠤᠨ ᠤᠨᠴᠠᠯᠢᠭ ᠲᠠᠢ ᠮᠦᠷᠳᠡᠭᠡᠨ ᠭᠠᠨᠭ᠌ ᠳᠤ ᠲᠡᠰᠪᠤᠷᠢᠳᠠᠢ᠂ ᠤᠨᠠᠯᠳᠠ ᠪᠠᠷ ᠰᠠᠶᠢᠨ ᠵᠠᠷᠭᠡ | ᠲᠠᠪᠠᠭᠤᠯᠢᠭ ᠲᠠᠯ᠎ᠠ ᠲᠠᠢ᠃ ᠲᠤᠰ ᠲᠦᠷᠤᠯ ᠵᠦᠢᠯ ᠤᠨ ᠤᠯᠠᠭᠠᠨ ᠠᠮᠤ ᠨᠢ ᠰᠢᠮ᠎ᠠ ᠲᠡᠵᠢᠭᠡᠯ ᠢᠶᠠᠷ ᠪᠠᠶᠠᠯᠢᠭ᠂ | ᠰᠢᠩᠭᠡᠭᠡᠯᠳᠡ ᠳᠤ ᠰᠠᠶᠢᠨ᠂ ᠠᠩᠬᠢᠯᠤᠮ᠎ᠠ ᠦᠨᠤᠷ ᠲᠠᠢ᠂ ᠰᠢᠷᠠᠪᠳᠤᠷ ᠦᠡᠭᠭᠡ ᠲᠠᠢ ᠶᠤᠮ᠃ | ᠤᠢᠢᠷ᠎ᠠ ᠶᠢᠨ ᠵᠢᠯ ᠠᠴᠠ ᠨᠠᠰᠢ᠂ ᠭᠠᠵᠠᠷ ᠵᠦᠢ ᠶᠢᠨ ᠰᠢᠨᠵᠢ ᠲᠡᠮᠳᠡᠭ ᠤᠨ ᠨᠡᠷᠡᠶᠢᠳᠤᠯ ᠢᠶᠠᠷ ᠨᠡᠷᠡᠯᠡᠭᠰᠡᠨ | ᠲᠠᠸᠠᠷ ᠤᠨ ᠲᠡᠮᠳᠡᠭ ᠨᠢ ᠨᠢᠭᠡᠨᠳᠡ ᠪᠦᠬᠦ ᠤᠯᠤᠰ ᠤᠨ ᠡᠯ᠎ᠠ ᠭᠠᠵᠠᠷ ᠤᠨ ᠲᠠᠷᠢᠶᠠᠯᠠᠩ ᠤᠨ ᠦᠢᠯᠡᠳᠭᠦᠨ ᠤ | ᠤᠯᠤᠰ ᠤᠨ ᠲᠤᠳᠤᠭᠠᠳᠤ ᠪᠠ ᠲᠡᠯᠡᠭᠡᠢ ᠶᠢᠨ ᠵᠠᠬ᠎ᠠ ᠲᠡᠯᠭᠡᠭᠦᠷ ᠤᠨ ᠦᠷᠢᠰᠤᠯᠳᠤᠭᠡᠨ ᠳᠤ ᠤᠷᠤᠯᠴᠠᠬᠤ ᠠᠰᠢᠭᠳᠠᠢ | ᠨᠦᠬᠦᠴᠡᠯ ᠪᠤᠯᠤᠭᠰᠠᠨ ᠶᠤᠮ᠃ ︽ᠦᠤᠰᠢᠨ ᠤ ᠤᠯᠠᠭᠠᠨ ᠠᠮᠤ︾ ᠲᠠᠸᠠᠷ ᠤᠨ ᠲᠡᠮᠳᠡᠭ ᠢ ᠠᠮᠵᠢᠯᠳᠠᠳᠠᠢ | ᠲᠠᠩᠰᠠᠯᠠᠭᠤᠯᠤᠭᠰᠠᠨ ᠨᠢ ᠦᠤᠰᠢᠨ ᠬᠤᠰᠢᠭᠤ ᠶᠢ ᠤᠬᠠᠭᠤᠯᠵᠤ᠂ ᠦᠤᠰᠢᠨ ᠬᠤᠰᠢᠭᠤᠨ ᠤ ᠮᠠᠯᠴᠢᠨ ᠲᠠᠷᠢᠶᠠᠴᠢᠳ | ᠤᠨ ᠠᠵᠤ ᠠᠬᠤᠢ ᠶᠢᠨ ᠦᠷ᠎ᠠ ᠠᠰᠢᠭ ᠢ ᠬᠠᠮᠠᠭᠠᠯᠠᠨ᠂ ︽ᠦᠤᠰᠢᠨ ᠤ ᠤᠯᠠᠭᠠᠨ ᠠᠮᠤ︾ ᠶᠢᠨ ᠨᠡᠷ᠎ᠠ ᠠᠯᠳᠠᠷ ᠢ | ᠦᠷᠭᠡᠳᠭᠡᠵᠤ᠂ ᠦᠢᠯᠡᠳᠭᠦᠨ ᠤ ᠨᠡᠮᠡᠯᠳᠡ ᠦᠷᠳᠡᠭ ᠢ ᠲᠡᠭᠡᠭᠰᠢᠯᠡᠭᠦᠯᠬᠦ ᠳᠤ ᠠᠯᠤᠰ ᠭᠡᠳᠤ ᠶᠢᠨ ᠠᠴᠢ | ᠬᠤᠯᠪᠤᠭᠳᠠᠯ ᠲᠠᠢ ᠶᠤᠮ᠃ | ᠬᠤᠯᠪᠤᠭᠠᠰᠤ — | ︽ᠭᠠᠵᠠᠷ ᠵᠦᠢ ᠶᠢᠨ ᠨᠡᠷᠡᠶᠢᠳᠤᠯ ᠢᠶᠠᠷ ᠨᠡᠷᠡᠯᠡᠭᠰᠡᠨ ᠲᠠᠸᠠᠷ ᠤᠨ ᠲᠡᠮᠳᠡᠭ︾ ᠪᠤᠯ ᠶᠠᠮᠠᠷ ᠨᠢᠭᠡᠨ ᠲᠠᠸᠠᠷ ᠤᠨ | ᠲᠡᠮᠳᠡᠭ ᠨᠢ ᠠᠯᠢ ᠨᠢᠭᠡᠨ ᠭᠠᠵᠠᠷ ᠤᠷᠤᠨ ᠠᠴᠠ ᠢᠷᠡᠭᠰᠡᠨ ᠭᠡᠰᠡᠨ ᠢ ᠢᠯᠡᠷᠭᠡᠶᠢᠯᠡᠳᠡᠭ᠃ ᠲᠡᠷᠡ ᠮᠦᠷᠳᠡᠭᠡᠨ ᠲᠤᠰ | ᠲᠠᠸᠠᠷ ᠤᠨ ᠴᠢᠨᠠᠷ ᠴᠢᠨᠰᠠᠭ᠎ᠠ᠂ ᠨᠡᠷ᠎ᠠ ᠠᠯᠳᠠᠷ ᠪᠤᠶᠤ ᠪᠤᠰᠤᠳ ᠤᠨᠴᠠᠯᠢᠭ ᠨᠢ ᠭᠤᠤᠯᠳᠠᠭᠤ ᠲᠤᠰ ᠭᠠᠵᠠᠷ ᠤᠷᠤᠨ ᠤ | ᠪᠠᠶᠢᠭᠠᠯᠢ ᠶᠢᠨ ᠬᠦᠴᠦᠨ ᠵᠦᠢᠯ ᠪᠤᠶᠤ ᠬᠦᠮᠤᠨ ᠰᠤᠶᠤᠯ ᠤᠨ ᠡᠯᠧᠮᠧᠨ᠋ᠲ ᠢᠶᠠᠷ ᠲᠤᠭᠳᠠᠭᠠᠭᠳᠠᠳᠠᠭ᠃ ᠭᠠᠵᠠᠷ | ᠵᠦᠢ ᠶᠢᠨ ᠰᠢᠨᠵᠢ ᠲᠡᠮᠳᠡᠭ ᠢ ᠭᠡᠷᠡᠴᠢᠯᠡᠭᠰᠡᠨ ᠲᠡᠸᠠᠷ ᠤᠨ ᠲᠡᠮᠳᠡᠭ ᠪᠤᠯ ᠤᠳᠤᠬᠠᠨ ᠳᠤ ᠲᠡᠯᠡᠭᠡᠢ ᠲᠡᠭᠡᠷᠡᠬᠢ | ᠤᠨᠴᠠᠯᠢᠭᠳᠤ ᠦᠢᠯᠡᠳᠭᠦᠨ ᠢ ᠬᠠᠮᠠᠭᠠᠯᠠᠬᠤ ᠨᠢᠭᠡᠨ ᠠᠷᠭ᠎ᠠ ᠪᠤᠯᠤᠨ᠎ᠠ᠃ ᠭᠠᠵᠠᠷ ᠵᠦᠢ ᠶᠢᠨ ᠰᠢᠨᠵᠢ ᠲᠡᠮᠳᠡᠭ ᠢ | ᠭᠡᠷᠡᠴᠢᠯᠡᠭᠰᠡᠨ ᠲᠡᠸᠠᠷ ᠤᠨ ᠲᠡᠮᠳᠡᠭ ᠢ ᠭᠤᠶᠤᠴᠢᠯᠠᠬᠤ ᠪᠠᠷ ᠲᠡᠮᠵᠢᠨ᠂ ᠪᠠᠶᠢᠭᠠᠯᠢ ᠶᠢᠨ ᠡᠬᠢ ᠪᠠᠶᠠᠯᠢᠭ᠂ ᠬᠦᠮᠤᠨ | ᠰᠤᠶᠤᠯ ᠤᠨ ᠡᠬᠢ ᠪᠠᠶᠠᠯᠢᠭ ᠪᠠ ᠭᠠᠵᠠᠷ ᠵᠦᠢ ᠶᠢᠨ ᠦᠪ ᠢ ᠵᠦᠢ ᠵᠤᠬᠢᠰᠳᠠᠢ᠂ ᠪᠦᠷᠢᠨ ᠬᠦᠢᠴᠡᠳ ᠠᠰᠢᠭᠯᠠᠨ | ᠬᠠᠮᠠᠭᠠᠯᠠᠵᠤ᠂ ᠰᠢᠯᠢᠳᠡᠭ ᠤᠨᠴᠠᠯᠢᠭᠳᠤ ᠦᠢᠯᠡᠳᠭᠦᠨ ᠢ ᠬᠠᠮᠠᠭᠠᠯᠠᠬᠤ ᠪᠠ ᠤᠨᠴᠠᠯᠢᠭᠳᠤ ᠠᠵᠢᠯ ᠲᠦᠷᠦᠯ ᠤᠨ | ᠬᠦᠭᠵᠢᠯᠳᠡ ᠶᠢ ᠪᠦᠳᠤᠮᠵᠢᠳᠠᠢ ᠪᠠᠷ ᠠᠬᠢᠭᠤᠯᠵᠤ ᠴᠢᠳᠠᠳᠠᠭ᠃ |