| | | | | 1 ᠰᠠᠷ᠎ᠠ ᠶᠢᠨ 10 ᠤ ᠡᠳᠦᠷ᠂ ᠬᠤᠰᠢᠭᠤ ᠨᠠᠮ ᠤᠨ ᠬᠤᠷᠢᠶᠠᠨ ᠤ ᠣᠨᠣᠯ ᠰᠣᠷᠣᠯᠴᠠᠬᠤ ᠭᠤᠣᠯ | ᠳᠣᠭᠤᠶᠢᠯᠠᠩ ᠤᠨ ᠳᠣᠰᠬᠠᠢ ᠰᠡᠳᠣᠪᠲᠣ ᠰᠣᠷᠣᠯᠴᠠᠯᠭ᠎ᠠ ᠶᠢᠨ ᠰᠣᠳᠣᠯᠣᠨ ᠶᠠᠷᠢᠯᠴᠠᠬᠤ ᠬᠤᠷᠠᠯ ᠬᠤᠰᠢᠭᠤ ᠵᠠᠰᠠᠭ | ᠵᠠᠬᠢᠷᠭᠠᠨ ᠤ ᠦᠢᠯᠡᠴᠢᠯᠡᠬᠡᠨ ᠤ ᠳᠦᠪ ᠲᠤ ᠬᠤᠷᠠᠯᠳᠣᠪᠠ᠃ ᠬᠤᠰᠢᠭᠤ ᠨᠠᠮ ᠤᠨ ᠬᠤᠷᠢᠶᠠᠨ ᠤ ᠱᠦᠵᠢ | ᠡᠷᠳᠡᠨᠢᠪᠢᠯᠢᠭ᠂ ᠬᠤᠰᠢᠭᠤ ᠨᠠᠮ ᠤᠨ ᠬᠤᠷᠢᠶᠠᠨ ᠤ ᠳᠡᠳ᠋ ᠱᠦᠵᠢ ᠬᠤᠰᠢᠭᠤ ᠣᠷᠣᠯᠠᠭᠴᠢ ᠳᠠᠷᠤᠭ᠎ᠠ ᠵᠣᠣ ᠹᠧᠢ ᠯᠤ᠋᠂ | ᠬᠤᠰᠢᠭᠤ ᠠᠷᠠᠳ ᠤᠨ ᠳᠦᠯᠦᠬᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠡᠷᠬᠢᠯᠡᠭᠴᠢ | ᠪᠣᠶᠠᠨᠮᠠᠨᠳᠣᠬᠤ᠂ ᠬᠤᠰᠢᠭᠤ ᠣᠯᠣᠰ ᠳᠦᠷᠦ ᠶᠢᠨ ᠵᠦᠪᠯᠡᠯᠬᠡᠨ ᠤ ᠳᠡᠷᠢᠬᠦᠯᠡᠭᠴᠢ ᠬᠤᠣ ᠸᠧᠢ᠂ ᠬᠤᠰᠢᠭᠤ ᠨᠠᠮ ᠤᠨ | ᠬᠤᠷᠢᠶᠠᠨ ᠤ ᠳᠡᠳ᠋ ᠱᠦᠵᠢ ᠣᠯᠣᠰ ᠳᠦᠷᠦ ᠬᠠᠣᠯᠢ ᠴᠠᠭᠠᠵᠠ ᠶᠢᠨ ᠬᠤᠷᠢᠶᠠᠨ ᠤ ᠱᠦᠵᠢ ᠰᠣᠷᠭᠠᠯᠲᠣ᠂ ᠬᠤᠰᠢᠭᠤ | ᠨᠠᠮ ᠤᠨ ᠬᠤᠷᠢᠶᠠᠨ ᠤ ᠪᠠᠶᠢᠩᠭᠤ ᠶᠢᠨ ᠬᠡᠰᠢᠬᠦᠨ ᠵᠣᠬᠢᠶᠠᠨ ᠪᠠᠶᠢᠭᠤᠯᠬᠤ ᠬᠡᠯᠳᠡᠰ ᠤᠨ ᠳᠠᠷᠤᠭ᠎ᠠ ᠰᠣ᠋ ᠰᠢᠨ ᠹᠠ᠂ | ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠬᠡᠰᠢᠬᠦᠨ ᠬᠤᠰᠢᠭᠤ ᠳᠡᠳ᠋ ᠳᠠᠷᠤᠭ᠎ᠠ ᠴᠢᠶᠣᠣ ᠠᠢ ᠫᠢᠩ᠂ | ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠬᠡᠰᠢᠬᠦᠨ ᠰᠠᠬᠢᠯᠭ᠎ᠠ ᠪᠠᠳᠣ ᠪᠠᠶᠢᠴᠠᠭᠠᠬᠤ ᠬᠤᠷᠢᠶᠠᠨ ᠤ ᠱᠦᠵᠢ | ᠬᠢᠨᠠᠨ ᠪᠠᠶᠢᠴᠠᠭᠠᠬᠤ ᠵᠦᠪᠯᠡᠯ ᠤᠨ ᠡᠷᠬᠢᠯᠡᠭᠴᠢ ᠯᠠᠨ ᠲᠢᠶᠠᠨ᠂ ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ | ᠬᠡᠰᠢᠬᠦᠨ ᠬᠤᠰᠢᠭᠤ ᠳᠡᠳ᠋ ᠳᠠᠷᠤᠭ᠎ᠠ ᠵᠠᠩ ᡁᠢ ᠰᠢᠦ᠋ᠩ᠂ ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ | ᠬᠡᠰᠢᠬᠦᠨ ᠣᠬᠠᠭᠤᠯᠬᠤ ᠬᠡᠯᠳᠡᠰ ᠤᠨ ᠳᠠᠷᠤᠭ᠎ᠠ ᠹᠧᠩ ᡁᠢ ᠮᠢᠩ᠂ ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ | ᠬᠡᠰᠢᠬᠦᠨ ᠨᠠᠮ ᠤᠨ ᠬᠤᠷᠢᠶᠠᠨ ᠤ ᠠᠯᠪᠠᠨ ᠬᠡᠷ ᠤᠨ ᠡᠷᠬᠢᠯᠡᠭᠴᠢ ᠵᠣᠣ ᠶᠦᠩ ᠹᠧᠩ᠂ ᠬᠤᠰᠢᠭᠤ ᠨᠠᠮ ᠤᠨ | ᠬᠤᠷᠢᠶᠠᠨ ᠤ ᠪᠠᠶᠢᠩᠭᠤ ᠶᠢᠨ ᠬᠡᠰᠢᠬᠦᠨ ᠨᠢᠬᠡᠳᠦᠮᠡᠯ ᠹᠷᠣᠨᠲ ᠤᠨ ᠬᠡᠯᠳᠡᠰ ᠤᠨ ᠳᠠᠷᠤᠭ᠎ᠠ ᠠᠯᠳᠠᠨᠳᠣᠶᠠᠭ᠎ᠠ ᠵᠢᠴᠢ ᠪᠦᠬᠦ | ᠬᠡᠷ ᠲᠡᠭᠡᠨ ᠪᠠᠶᠢᠭ᠎ᠠ ᠰᠢᠶᠠᠨ ᠤ ᠳᠡᠰ ᠤᠨ ᠣᠳᠣᠷᠢᠳᠣᠯᠭ᠎ᠠ᠂ ᠡᠯ᠎ᠡ ᠠᠵᠣ ᠠᠬᠤᠢ ᠶᠢᠨ ᠨᠡᠬᠡᠬᠡᠯᠳᠡ ᠶᠢᠨ ᠣᠷᠣᠨ ︵ | ᠬᠦᠷᠢᠶᠡᠯᠡᠩ ᠲᠤᠭᠤᠷᠢᠭ︶ ᠤ ᠬᠠᠷᠢᠭᠤᠴᠠᠯᠭᠠᠳᠠᠳ᠂ ᠡᠯ᠎ᠡ ᠰᠣᠮᠣ ᠪᠠᠯᠭᠠᠰᠣ᠂ ᠬᠤᠰᠢᠭᠤ ᠰᠢᠭᠤᠳ ᠬᠠᠷᠢᠶ᠎ᠠ ᠠᠯᠪᠠᠨ | ᠪᠠᠶᠢᠭᠤᠯᠭ᠎ᠠ ᠪᠠ ᠬᠠᠮᠢᠶ᠎ᠠ ᠪᠦᠬᠦᠢ ᠠᠵᠣ ᠠᠬᠤᠶᠢᠯᠠᠯ᠂ ᠠᠵᠢᠯ ᠦᠢᠯᠡᠰ ᠤᠨ ᠨᠢᠭᠡᠴᠢ ᠶᠢᠨ ᠭᠤᠣᠯ | ᠬᠠᠷᠢᠭᠤᠴᠠᠯᠭᠠᠳᠠᠳ ᠬᠤᠷᠠᠯ ᠳᠤ ᠣᠷᠣᠯᠴᠠᠪᠠ᠃ | ᠬᠤᠷᠠᠯ ᠳᠡᠭᠡᠷ᠎ᠡ᠂ ᠬᠤᠰᠢᠭᠤ ᠠᠷᠠᠳ ᠤᠨ ᠳᠦᠯᠦᠬᠡᠯᠡᠭᠴᠢᠳ ᠤᠨ ᠶᠡᠭᠡ ᠬᠤᠷᠠᠯ᠂ ᠵᠠᠰᠠᠭ ᠤᠨ ᠣᠷᠳᠣᠨ᠂ | ᠣᠯᠣᠰ ᠳᠦᠷᠦ ᠶᠢᠨ ᠵᠦᠪᠯᠡᠯᠭᠡᠨ ᠤ ᠳᠡᠳ᠋ ᠳᠣᠰᠢᠶᠠᠯᠳᠠᠨ᠂ ᠠᠷᠠᠳ ᠤᠨ ᠰᠢᠬᠦᠬᠦ ᠬᠤᠷᠢᠶᠠᠨ ᠤ ᠳᠠᠷᠤᠭ᠎ᠠ᠂ ᠬᠡᠰᠡᠭ | ᠪᠦᠯᠦᠭ ᠰᠠᠯᠠᠭ᠎ᠠ ᠮᠦᠴᠢᠷ ᠤᠨ ᠬᠠᠷᠢᠭᠤᠴᠠᠯᠭᠠᠳᠠᠳ ᠠᠴᠠ ᠰᠣᠳᠣᠯᠣᠨ ᠶᠠᠷᠢᠯᠴᠠᠬᠤ ᠢᠯᠡᠳᠬᠡᠯ ᠬᠢᠭᠰᠡᠨ ᠪᠠᠶᠢᠨ᠎ᠠ᠃ | ᠡᠷᠳᠡᠨᠢᠪᠢᠯᠢᠭ ᠴᠢᠬᠤᠯᠠᠴᠢᠯᠠᠬᠤ ᠳᠠᠭᠠᠨ᠂ ᠡᠯ᠎ᠡ ᠰᠠᠯᠠᠭ᠎ᠠ ᠮᠦᠴᠢᠷ ᠤᠨ ᠬᠢᠨ ᠰᠢ ᠶᠢᠨ ᠫᠢᠩ ᠨᠦᠬᠦᠷ ᠢᠶᠠᠷ | ᠭᠤᠣᠯ ᠪᠣᠯᠭᠠᠭᠰᠠᠨ ᠨᠠᠮ ᠤᠨ ᠳᠦᠪ ᠬᠤᠷᠢᠶ᠎ᠠ ᠲᠠᠢ ᠢᠮᠠᠭᠳᠠ ᠨᠢᠭᠡᠳᠴᠦ ︽ᠬᠤᠶᠠᠷ ᠢ ᠰᠣᠷᠣᠯᠴᠠᠵᠦ ᠬᠢᠷᠢ | ᠳᠡᠩᠴᠡᠭᠰᠡᠨ ᠨᠠᠮ ᠤᠨ ᠬᠡᠰᠢᠬᠦᠨ ᠪᠣᠯᠬᠤ︾ ᠰᠣᠷᠣᠯᠴᠠᠯᠭ᠎ᠠ ᠬᠦᠮᠦᠵᠢᠯ ᠤᠨ ᠠᠵᠢᠯᠯᠠᠭ᠎ᠠ ᠶᠢ ᠬᠦᠨᠵᠡᠬᠡᠢ ᠠᠬᠢᠭᠤᠯᠤᠨ | ᠨᠠᠮ ᠤᠨ ᠬᠡᠰᠢᠬᠦᠨ ᠺᠠᠳ᠋ᠷᠴᠣᠳ ᠤᠨ ᠣᠳᠣᠷᠢᠳᠬᠤ ᠴᠢᠳᠠᠪᠣᠷᠢ᠂ ᠠᠵᠢᠯᠯᠠᠬᠤ ᠴᠢᠳᠠᠪᠣᠷᠢ ᠪᠠ ᠬᠡᠷᠡᠭᠵᠢᠬᠦᠯᠬᠦ | ᠴᠢᠳᠠᠪᠣᠷᠢ ᠶᠢ ᠪᠦᠬᠦ ᠳᠠᠯ᠎ᠠ ᠪᠠᠷ ᠳᠡᠭᠡᠭᠰᠢᠯᠡᠬᠦᠯᠵᠦ ︽ ᠣᠭ ᠰᠠᠨᠠᠭ᠎ᠠ ᠪᠠᠨ ᠮᠠᠷᠳᠠᠯ ᠦᠬᠡᠢ᠂ ᠬᠦᠴᠢᠷ ᠪᠡᠷᠬᠡ ᠶᠢ | ᠢᠯᠠᠨ ᠳᠠᠪᠠᠭ᠋ᠣ︾ ᠬᠡᠶᠢᠮᠤᠷᠢ ᠵᠢᠪᠬᠤᠭ᠎ᠠ ᠪᠠᠨ ᠢᠮᠠᠭᠳᠠ ᠰᠡᠷᠬᠦᠬᠡᠬᠦ ᠬᠡᠷᠡᠭᠲᠡᠢ᠃ ᠦᠨᠳᠦᠰᠦᠨ ᠱᠠᠳᠣᠨ ᠤ ᠨᠠᠮ ᠤᠨ | ᠪᠠᠶᠢᠭᠤᠯᠣᠯᠳᠠ ᠨᠢ ᠪᠣᠳᠠᠳᠠᠢ ᠶᠢ ᠡᠷᠬᠢᠮᠯᠡᠵᠦ ᠨᠠᠮ ᠤᠨ ᠬᠡᠰᠢᠬᠦᠨ ᠤ ᠡᠩᠨᠡᠭᠡ ᠪᠠ ᠨᠠᠮ ᠤᠨ ᠡᠬᠦᠷ ᠤᠨ | ᠳᠦᠷᠢᠮᠵᠢᠭᠰᠡᠨ ᠪᠠᠶᠢᠭᠤᠯᠣᠯᠳᠠ ᠶᠢ ᠴᠢᠩᠭᠠᠳᠬᠠᠨ ᠦᠵᠡᠯ ᠣᠬᠠᠮᠰᠠᠷ ᠤᠨ ᠬᠡᠯᠪᠡᠷᠢ ᠶᠢᠨ ᠠᠵᠢᠯ ᠤᠨ ᠬᠦᠳᠡᠯᠦᠩᠬᠦᠢ | ᠡᠷᠬᠡ ᠶᠢ ᠴᠢᠩᠭ᠎ᠠ ᠠᠳᠬᠤᠵᠦ ᠰᠣᠷᠳᠠᠯ ᠢ ᠴᠡᠭᠴᠡᠯᠡᠨ ᠰᠠᠬᠢᠯᠭ᠎ᠠ ᠪᠠᠳᠣ ᠪᠠᠨ ᠴᠢᠩᠭᠠᠳᠬᠠᠬᠤ ᠶᠢ ᠦᠷᠬᠦᠯᠵᠢᠳᠡ | ᠠᠳᠬᠤᠨ ᠬᠠᠮᠲᠣ ᠪᠠᠷ ᠬᠦᠭᠵᠢᠯᠳᠡ ᠶᠢ ᠡᠷᠢᠯᠬᠢᠯᠡᠬᠦ ᠢᠳᠡᠪᠬᠢ ᠡᠨᠧᠷᠬᠢ ᠶᠢ ᠳᠠᠰᠣᠷᠠᠯᠳᠠ ᠦᠬᠡᠢ ᠬᠤᠷᠠᠮᠳᠣᠭᠤᠯᠬᠤ | ᠬᠡᠷᠡᠭᠲᠡᠢ᠃ ᠦᠨᠳᠦᠰᠦᠨ ᠱᠠᠳᠣᠨ ᠤ ᠨᠠᠮ ᠤᠨ ᠪᠠᠶᠢᠭᠤᠯᠣᠯᠳᠠ ᠨᠢ ᠨᠤᠮᠢᠨ ᠲᠠᠩᠰᠤᠭ ᠬᠦᠭᠵᠢᠨ ᠮᠠᠨᠳᠤᠯᠲᠠ ᠶᠢ | ᠪᠡᠶᠡᠯᠡᠬᠦᠯᠬᠦ ᠡᠮᠦᠨ᠎ᠡ ᠹᠷᠣᠨᠲ ᠪᠣᠯᠣᠨ ᠭᠤᠣᠯ ︽ᠳᠠᠶᠢᠨ ᠤ ᠳᠠᠯᠠᠪᠣᠷ︾ ᠲᠤ ᠪᠠᠶᠢᠬᠤ ᠳᠣᠯᠠ ᠣᠯᠠᠨ ᠲᠦᠮᠡᠨ ᠳᠤ | ᠦᠢᠯᠡᠴᠢᠯᠡᠬᠦ᠂ ᠣᠯᠠᠨ ᠲᠦᠮᠡᠨ ᠢ ᠪᠦᠯᠬᠦᠮᠳᠡᠬᠦᠯᠬᠦ᠂ ᠬᠦᠭᠵᠢᠯᠳᠡ ᠪᠠ ᠡᠶ᠎ᠡ ᠨᠠᠶᠢᠷᠠᠮᠳᠠᠭᠤ ᠶᠢ ᠠᠬᠢᠭᠤᠯᠬᠤ ᠳᠤ | ᠦᠢᠯᠡᠳᠦᠯ ᠢᠶᠠᠨ ᠬᠦᠢᠴᠡᠳ ᠪᠠᠳᠠᠷᠠᠭᠤᠯᠵᠦ ᠬᠤᠳᠠ ᠬᠦᠳᠡᠭᠡ᠂ ᠪᠠᠶᠢᠭᠤᠯᠭ᠎ᠠ ᠨᠢᠭᠡᠴᠢ᠂ ᠣᠯᠣᠰ ᠤᠨ | ᠦᠮᠴᠢᠯᠡᠯᠳᠦ ᠠᠵᠣ ᠠᠬᠤᠶᠢᠯᠠᠯ ᠵᠡᠷᠬᠡ ᠬᠦᠷᠢᠶ᠎ᠡ ᠴᠠᠷᠠᠭᠠᠨ ᠤ ᠨᠠᠮ ᠤᠨ ᠪᠠᠶᠢᠭᠤᠯᠣᠯᠲᠠ ᠶᠢ ᠨᠢᠬᠡᠳᠦᠯᠳᠡᠢ ᠳᠦᠯᠦᠪᠯᠡᠨ | ᠠᠬᠢᠭᠤᠯᠵᠦ ᠨᠠᠮ ᠤᠨ ᠬᠡᠰᠢᠬᠦᠨ ᠺᠠᠳ᠋ᠷᠴᠣᠳ ᠤᠨ ︽ᠡᠬᠦᠷᠭᠡ ᠬᠠᠷᠢᠭᠤᠴᠠᠯᠭ᠎ᠠ ᠪᠠᠨ ᠪᠡᠶᠡᠯᠡᠬᠦᠯᠵᠦ᠂ ᠠᠵᠢᠯ ᠦᠢᠯᠡᠰ | ᠪᠣᠰᠬᠠᠬᠤ︾ ᠶᠢ ᠣᠷᠮᠠᠰᠢᠭᠤᠯᠣᠨ ᠵᠣᠷᠢᠭᠵᠢᠭᠤᠯᠬᠤ ᠬᠡᠷᠡᠭᠲᠡᠢ᠃ ᠦᠨᠳᠦᠰᠦᠨ ᠱᠠᠳᠣᠨ ᠤ ᠨᠠᠮ ᠤᠨ ᠪᠠᠶᠢᠭᠤᠯᠣᠯᠳᠠ | ᠨᠢ ᠡᠬᠦᠷᠭᠡ ᠬᠠᠷᠢᠭᠤᠴᠠᠯᠭ᠎ᠠ ᠪᠠᠨ ᠴᠢᠩᠭᠠᠳᠬᠠᠬᠤ ᠪᠠᠷ ᠵᠠᠩᠬᠢᠯᠠᠭ᠎ᠠ ᠪᠠᠨ ᠪᠣᠯᠭᠠᠵᠦ ᠡᠬᠦᠷᠭᠡ ᠬᠠᠷᠢᠭᠤᠴᠠᠯᠭ᠎ᠠ ᠪᠠᠨ | ᠨᠠᠶᠢᠳᠠᠪᠤᠷᠢᠵᠢᠭᠤᠯᠬᠤ ᠰᠢᠰᠲ᠋ᠧᠮ ᠪᠠ ᠦᠨᠳᠦᠰᠦᠨ ᠱᠠᠳᠣᠨ ᠤ ᠨᠠᠮ ᠤᠨ ᠪᠠᠶᠢᠭᠤᠯᠣᠯᠲᠠ ᠶᠢᠨ ᠠᠵᠢᠯ ᠢ ᠪᠠᠳᠣᠯᠠᠬᠤ | ᠲᠦᠷᠢᠮ ᠤᠨ ᠰᠢᠰᠲ᠋ᠧᠮ ᠢ ᠪᠠᠶᠢᠭᠤᠯᠤᠨ ᠪᠦᠷᠢᠨᠰᠢᠭᠦᠯᠵᠦ ᠵᠤᠷᠢᠭᠵᠢᠭᠤᠯᠤᠯ ᠤᠨ ᠳᠣᠭᠳᠠᠯᠴᠠᠭ᠎ᠠ ᠪᠠ ᠵᠠᠯᠠᠷᠠᠭᠤᠯᠭ᠎ᠠ | ᠶᠢᠨ ᠳᠣᠭᠳᠠᠯᠴᠠᠭ᠎ᠠ ᠶᠢ ᠳᠡᠬᠦᠯᠳᠡᠷᠵᠢᠬᠦᠯᠵᠦ ᠰᠢᠯᠭᠠᠵᠦ ᠦᠨᠡᠯᠡᠬᠦ ᠰᠢᠰᠲ᠋ᠧᠮ ᠢ ᠰᠢᠯᠢᠳᠡᠭᠵᠢᠬᠦᠯᠦᠨ ᠡᠯ᠎ᠡ ᠱᠠᠳᠣᠨ ᠤ | ᠨᠠᠮ ᠤᠨ ᠬᠡᠰᠢᠬᠦᠨ ᠺᠠᠳ᠋ᠷᠴᠣᠳ ᠤᠨ ᠡᠬᠦᠷᠭᠡ ᠬᠠᠷᠢᠭᠤᠴᠠᠯᠭ᠎ᠠ ᠪᠠᠨ ᠪᠡᠶᠡᠯᠡᠬᠦᠯᠬᠦ ᠴᠢᠳᠠᠪᠣᠷᠢ ᠶᠢ ᠦᠨᠡᠨᠬᠦ | ᠳᠡᠭᠡᠭᠰᠢᠯᠡᠬᠦᠯᠬᠦ ᠬᠡᠷᠡᠭᠲᠡᠢ᠃ ᠨᠠᠮ ᠤᠨ ᠪᠠᠶᠢᠭᠤᠯᠣᠯᠳᠠ ᠪᠠᠷ ᠵᠢᠯᠣᠭᠤᠳᠣᠭᠤᠯᠵᠦ ᠨᠤᠮᠢᠨ ᠲᠠᠩᠰᠤᠭ ᠬᠦᠭᠵᠢᠨ | ᠮᠠᠨᠳᠤᠯᠲᠠ ᠶᠢ ᠠᠬᠢᠭᠤᠯᠣᠨ ᠡᠷᠡᠰ ᠰᠢᠭᠤᠷᠬᠠᠢ ᠣᠪᠣᠷ ᠪᠠ ᠨᠡᠩ ᠪᠦᠲᠦᠮᠵᠢᠲᠡᠢ ᠠᠷᠭ᠎ᠠ ᠠᠪᠴᠠᠯ᠂ ᠨᠡᠩ ᠪᠣᠳᠠᠳᠠᠢ | ᠶᠢ ᠡᠷᠬᠢᠮᠯᠡᠬᠦ ᠰᠣᠷᠳᠠᠯ ᠢᠶᠠᠷ ᠦᠨᠳᠦᠰᠦᠨ ᠱᠠᠳᠣᠨ ᠤ ᠨᠠᠮ ᠤᠨ ᠪᠠᠶᠢᠭᠤᠯᠣᠯᠲᠠ ᠶᠢᠨ ᠠᠵᠢᠯ ᠤᠨ ᠬᠢᠷᠢ ᠲᠦᠪᠰᠢᠨ ᠢ | ᠪᠦᠬᠦ ᠳᠠᠯ᠎ᠠ ᠪᠠᠷ ᠳᠡᠭᠡᠭᠰᠢᠯᠡᠬᠦᠯᠵᠦ ᠰᠢᠯᠢᠳᠡᠭ ᠬᠢᠷᠢ ᠪᠦᠲᠦᠮᠵᠢ ᠪᠠᠷ ᠣᠯᠣᠰ ᠪᠠᠶᠢᠭᠤᠯᠣᠭᠳᠠᠭᠰᠠᠨ 70 ᠵᠢᠯ ᠤᠨ | ᠣᠢ ᠶᠢ ᠣᠭᠳᠣᠬᠤ ᠬᠡᠷᠡᠭᠲᠡᠢ ᠬᠡᠪᠡ᠃ | ᠵᠣᠣ ᠹᠧᠢ ᠯᠣ᠋ ᠵᠢᠭᠠᠵᠦ ᠭᠠᠷᠭᠠᠬᠤ ᠳᠠᠭᠠᠨ᠂ ᠨᠤᠮᠢᠨ ᠲᠠᠩᠰᠤᠭ ᠬᠦᠭᠵᠢᠨ ᠮᠠᠨᠳᠤᠯᠲᠠ ᠶᠢ ᠪᠡᠶᠡᠯᠡᠬᠦᠯᠬᠦ ᠳᠤ | ᠰᠢᠨ᠎ᠡ ᠬᠦᠭᠵᠢᠯᠳᠡ ᠶᠢᠨ ᠣᠨᠣᠯ ᠢ ᠪᠠᠷᠢᠮᠳᠠᠯᠠᠵᠦ ᠠᠵᠣ ᠦᠢᠯᠡᠳᠪᠦᠷᠢ ᠶᠢᠨ ᠠᠵᠣ ᠠᠬᠤᠢ ᠶᠢᠨ ᠣᠯᠠᠨ ᠡᠰᠢᠵᠢᠭᠰᠡᠨ | ᠬᠦᠭᠵᠢᠯᠲᠡ ᠶᠢ ᠠᠬᠢᠭᠤᠯᠬᠤ ᠬᠡᠷᠡᠭᠲᠡᠢ᠃ ︽ᠭᠤᠷᠪᠠᠨ ᠶᠡᠭᠡ ᠪᠣᠭᠤᠮᠳᠠ ᠰᠢᠪᠳᠣᠯᠬᠤ ᠳᠠᠶᠢᠯᠠᠯᠳᠣᠭᠠᠨ︾ ᠢ | ᠰᠠᠶᠢᠳᠣᠷ ᠬᠢᠵᠦ ᠬᠦᠭᠵᠢᠯᠳᠡ ᠶᠢᠨ ᠲᠦᠯᠦᠪᠵᠢᠬᠦᠯᠬᠡ ᠪᠠ ᠳᠡᠩᠴᠡᠬᠦᠷᠢ ᠶᠢ ᠳᠡᠬᠦᠯᠳᠡᠷᠵᠢᠬᠦᠯᠤᠨ ᠬᠤᠳᠠ ᠬᠦᠳᠡᠭᠡ | ᠶᠢᠨ ᠣᠶᠠᠯᠳᠣᠨ ᠬᠦᠭᠵᠢᠬᠦ ᠶᠢ ᠠᠬᠢᠭᠤᠯᠵᠦ ᠴᠢᠨᠠᠷ ᠰᠠᠶᠢᠳᠠᠢ ᠬᠦᠭᠵᠢᠯᠳᠡ ᠶᠢᠨ ᠰᠠᠭᠤᠷᠢ ᠶᠢ ᠪᠠᠳᠣᠳᠬᠠᠨ ᠴᠢᠨᠠᠷ | ᠰᠠᠶᠢᠳᠠᠢ ᠬᠦᠭᠵᠢᠯᠳᠡ ᠶᠢᠨ ᠰᠢᠨ᠎ᠡ ᠳᠠᠪᠠᠭᠤᠯᠢᠭ ᠢ ᠪᠦᠷᠢᠯᠳᠦᠬᠦᠯᠬᠦ ᠬᠡᠷᠡᠭᠲᠡᠢ᠃ ᠰᠣᠶᠣᠯ ᠵᠢᠭᠤᠯᠴᠢᠯᠠᠯ ᠢ ᠶᠡᠬᠡᠪᠡᠷ | ᠬᠦᠭᠵᠢᠬᠦᠯᠵᠦ ᠠᠵᠣ ᠠᠬᠤᠢ ᠶᠢᠨ ᠦᠳᠳᠡᠷ ᠳᠦᠷᠭᠡᠨ ᠬᠦᠭᠵᠢᠯᠲᠡ ᠲᠠᠢ ᠬᠠᠷᠠᠭᠠᠯᠵᠠᠭᠰᠠᠨ ᠨᠡᠶᠢᠬᠡᠮ ᠤᠨ ᠪᠠᠳᠣᠯᠠᠭ᠎ᠠ | ᠶᠢᠨ ᠰᠢᠰᠲ᠋ᠧᠮ ᠢ ᠪᠠᠶᠢᠭᠤᠯᠤᠨ ᠰᠣᠷᠭᠠᠨ ᠬᠦᠮᠦᠵᠢᠯ᠂ ᠡᠮ ᠡᠮᠨᠡᠯᠬᠡ᠂ ᠨᠠᠰᠣᠳᠠᠨ ᠢ ᠠᠰᠠᠷᠠᠬᠤ᠂ ᠨᠡᠶᠢᠬᠡᠮ ᠤᠨ | ᠪᠠᠳᠣᠯᠠᠭ᠎ᠠ ᠵᠡᠷᠭᠡ ᠬᠦᠷᠢᠶ᠎ᠡ ᠴᠠᠷᠠᠭᠠᠨ ᠤ ᠳᠣᠳᠠᠭᠳᠠᠯ ᠢ ᠦᠳᠳᠡᠷ ᠳᠦᠷᠭᠡᠨ ᠨᠦᠬᠦᠪᠦᠷᠢᠯᠡᠵᠦ ᠴᠢᠨᠠᠷ ᠰᠠᠶᠢᠳᠠᠢ | ᠬᠦᠭᠵᠢᠯᠳᠡ ᠶᠢ ᠠᠬᠢᠭᠤᠯᠬᠤ ᠪᠠ ᠨᠤᠮᠢᠨ ᠲᠠᠩᠰᠤᠭ ᠬᠦᠭᠵᠢᠨ ᠮᠠᠨᠳᠤᠯᠲᠠ ᠶᠢ ᠪᠡᠶᠡᠯᠡᠬᠦᠯᠬᠦ ᠳᠤ ᠪᠠᠳᠣᠯᠠᠭ᠎ᠠ | ᠬᠠᠩᠭᠠᠬᠤ ᠬᠡᠷᠡᠭᠲᠡᠢ ᠬᠡᠪᠡ᠃ |