ᠤᠯᠠᠭᠠᠠᠲᠤᠯᠤᠭᠠᠢ ᠪᠠᠯᠭᠠᠰᠤᠨ ᠤ ᠬᠤᠷ᠎ᠠ ᠤᠰᠤ ᠵᠤᠭᠠᠴᠠᠯ ᠤᠨ ᠤᠷᠤᠨ ᠤ ᠠᠮᠢ ᠠᠬᠤᠢ ᠰᠠᠶᠢᠵᠢᠷᠠᠭᠰᠠᠨ | ᠠᠴᠠ ᠣᠶᠢᠷ᠎ᠠ ᠶᠢᠨ ᠡᠳᠣᠷ ᠣᠰᠣᠨ ᠴᠦᠬᠦᠷᠣᠮ ᠳᠤᠨᠢ ᠰᠦᠷᠣᠭ᠌ ᠰᠦᠷᠣᠭ᠌ ᠯᠠᠮᠠ ᠰᠢᠪᠠᠭᠤ ᠦᠷᠳᠡᠭᠡᠯᠡᠨ | ᠡᠪᠣᠯᠵᠢᠵᠣ ᠡᠪᠤᠯ ᠤᠨ ᠣᠯᠠᠷᠢᠯ ᠢ ᠠᠮᠢᠵᠢᠷᠠᠯ ᠤᠨ ᠬᠦᠴᠣᠨ ᠪᠠᠷ ᠪᠢᠯᠬᠠᠭᠤᠯᠤᠭᠰᠠᠨ ᠪᠠᠶᠢᠨ᠎ᠠ᠃ ᠵᠤᠭᠠᠴᠠᠯ ᠤᠨ | ᠤᠷᠤᠨ ᠤ ᠬᠠᠷᠢᠭᠤᠴᠠᠯᠭᠠᠳᠠᠨ ᠠᠴᠠ ᠤᠶᠢᠯᠠᠭᠠᠭᠰᠠᠨ ᠢᠶᠠᠷ 2018 ᠣᠨ ᠤ 10 ᠳ᠋ᠤᠭᠠᠷ ᠰᠠᠷ᠎ᠠ ᠠᠴᠠ ᠡᠬᠢᠯᠡᠨ | ᠠᠳᠡ ᠮᠠᠰᠢ ᠤᠯᠠᠨ ᠯᠠᠮᠠ ᠰᠢᠪᠠᠭᠤ ᠴᠣᠭᠯᠠᠷᠡᠨ ᠢᠳᠡᠰᠢ ᠬᠠᠶᠢᠵᠣ ᠬᠤᠷᠭᠤᠳᠠᠵᠠᠢ᠃ | ᠨᠠᠬᠦᠳᠡᠯ ᠰᠢᠪᠠᠭᠤ ᠪᠣᠯᠬᠤ ᠯᠠᠮᠠ ᠰᠢᠪᠠᠭᠤ ᠨᠢ ᠨᠠᠭᠤᠷ ᠴᠦᠬᠦᠷᠣᠮ ᠤᠨ ᠬᠤᠷᠤᠬᠠᠢ ᠰᠢᠪᠡᠵᠢ᠂ ᠮᠠᠯᠡᠬᠡᠢ᠂ | ᠰᠠᠮ ᠬᠤᠷᠤᠬᠠᠢ ᠮᠡᠳᠤ ᠪᠠᠷ ᠢᠳᠡᠰᠢ ᠪᠤᠯᠭᠠᠨ ᠤᠷᠤᠰᠢᠨ ᠠᠮᠢᠳᠤᠷᠠᠬᠤ ᠤᠷᠴᠢᠨ ᠠᠬᠤᠢ ᠶᠢᠨ ᠲᠠᠯ᠎ᠠ ᠪᠠᠷ ᠮᠠᠰᠢ | ᠦᠨᠳᠦᠷ ᠱᠠᠭᠠᠷᠳᠠᠯᠭ᠎ᠠ ᠲᠠᠢ ᠪᠠᠶᠢᠵᠤ 2000 ᠤᠨ ᠳᠤ ᠮᠠᠨ ᠤ ᠤᠯᠤᠰ ᠤᠨ ᠡᠬᠡ ᠬᠠᠭᠤᠷᠠᠢ ᠶᠢᠨ ᠬᠡᠬᠡᠷ᠎ᠡ ᠶᠢᠨ | ᠠᠮᠢᠳᠠᠨ ᠤ ᠵᠢᠭᠰᠠᠭᠠᠯᠳᠠ ᠳᠤ ᠤᠷᠤᠵᠤ 2012 ᠤᠨ ᠳᠤ ᠣᠯᠠᠨ ᠣᠯᠣᠰ ᠤᠨ ᠪᠠᠶᠢᠭᠠᠯᠢ ᠶᠢᠨ ᠬᠠᠮᠠᠭᠠᠯᠠᠯᠲᠠ ᠶᠢᠨ | ᠬᠤᠯᠪᠤᠭᠠᠯᠠᠯ ᠤᠨ ᠤᠰᠠᠳᠤᠮᠠᠷ ᠪᠤᠯᠤᠭᠰᠠᠨ ᠰᠢᠪᠠᠭᠤᠨ ᠤ ᠲᠦᠷᠦᠯ ᠳᠤ ᠤᠷᠤᠭᠰᠠᠨ ᠪᠠᠶᠢᠨ᠎ᠠ᠃ | ᠬᠤᠷ᠎ᠠ ᠤᠰᠤ ᠵᠤᠭᠠᠴᠠᠯ ᠤᠨ ᠤᠷᠤᠨ ᠤ ᠤᠰᠤᠨ ᠴᠦᠬᠦᠷᠦᠮ ᠤᠨ ᠲᠠᠯᠠᠪᠠᠢ ᠨᠢ 500 ᠮᠤ᠋ ᠪᠠᠶᠢᠵᠣ | 2009 ᠤᠨ ᠤ11 ᠰᠠᠷ᠎ᠠ ᠠᠴᠠ ᠵᠣᠭᠠᠴᠠᠯ ᠤᠨ ᠣᠷᠣᠨ ᠢᠶᠠᠷ ᠴᠣᠭᠴᠠᠯᠠᠨ ᠪᠠᠶᠢᠭᠤᠯᠵᠣ ᠡᠯᠪᠡᠭ ᠪᠠᠶᠠᠯᠢᠭ ᠣᠰᠣᠨ | ᠤ ᠡᠬᠢ ᠰᠣᠷᠪᠣᠯᠵᠢ ᠲᠠᠢ ᠪᠠᠶᠢᠭᠠᠯᠢ ᠶᠢᠨ ᠣᠷᠴᠢᠨ ᠳᠣᠭᠤᠷᠢᠨ ᠢᠶᠠᠷ ᠪᠣᠮᠠᠨ ᠰᠢᠪᠠᠭᠤᠣᠨ ᠤᠨ ᠪᠠᠭ᠋ᠠᠷᠬᠠᠯ ᠢ ᠳᠠᠳᠠᠨ | ᠨᠡᠬᠦᠳᠡᠯ ᠤᠨ ᠰᠢᠪᠠᠭᠤᠳ ᠤᠨ ᠦᠷᠳᠡᠭᠡᠯᠡᠨ ᠦᠨᠵᠢᠬᠦ ᠦᠷᠳᠡᠭᠡ ᠪᠣᠯᠵᠣ ᠵᠤᠭᠠᠴᠠᠯ ᠤᠨ ᠤᠷᠤᠨ ᠤ ᠬᠢᠨ ᠨᠡᠬᠦᠳᠡᠯ | ᠤᠨ ᠰᠢᠪᠠᠭᠤᠣᠨ ᠤᠨ ᠠᠮᠤᠷ ᠲᠦᠪᠰᠢᠨ ᠤ ᠬᠠᠮᠠᠭᠠᠯᠠᠯᠳᠠ ᠪᠠᠨ ᠴᠢᠩᠭᠠᠳᠬᠠᠨ ᠰᠢᠪᠠᠭᠤᠳ ᠤᠨ ᠢᠳᠡᠰᠢ ᠡᠷᠢᠨ | ᠡᠪᠤᠯᠵᠢᠬᠦ ᠳᠤ ᠪᠠᠳᠤᠯᠠᠭ᠎ᠠ ᠬᠠᠩᠭᠠᠵᠤ ᠪᠠᠶᠢᠨ᠎ᠠ᠃ | |