ᠨᠡᠶᠢᠬᠡᠮ ᠤᠨ ᠬᠦᠭᠵᠢᠯᠲᠡ ᠶᠢ ᠲᠠᠭᠠᠯᠲᠤᠨ ᠦᠣᠰᠢᠨ ᠮᠤᠩᠭᠤᠯᠴᠤᠳ ᠰᠢᠨ᠎ᠡ ᠵᠢᠯ ᠴᠠᠭᠠᠨ ᠰᠠᠷ᠎ᠠ ᠶᠢᠨ | ᠠᠶᠢᠯᠴᠢᠯᠠᠯᠳᠠ ᠵᠤᠯᠭᠠᠯᠲᠠ ᠪᠠᠨ ᠲᠦᠷᠦᠯ ᠰᠠᠳᠤᠨ᠂ ᠨᠠᠶᠢᠵᠠ ᠨᠦᠬᠦᠳ᠂ ᠠᠶᠢᠯ ᠠᠶᠢᠮᠠᠭ ᠢᠶᠠᠷ ᠢᠶᠠᠨ ᠨᠠᠶᠢᠯᠠᠵᠣ | ᠬᠠᠮᠳᠣ ᠶᠢᠨ ᠴᠠᠶᠢᠯᠠᠯᠭ᠎ᠠ ᠬᠢᠳᠡᠭ ᠪᠣᠯᠣᠭᠰᠠᠨ ᠪᠠᠶᠢᠨ᠎ᠠ᠃ ᠤᠶᠢᠷ᠎ᠠ ᠶᠢᠨ ᠡᠳᠦᠷ᠂ ᠭᠠᠯᠠᠭᠤᠲᠤ ᠪᠠᠯᠭᠠᠰᠤᠨ ᠤ | ᠰᠠᠷᠠᠭᠤᠯᠨᠤᠲᠤᠭ ᠭᠠᠴᠠᠭᠠᠨ ᠤ ᠵᠠᠩᠭᠤᠲᠤ ᠮᠠᠯᠵᠢᠯ ᠤᠨ ᠬᠤᠷᠰᠢᠶᠠᠨ ᠤ ᠮᠠᠯᠴᠢᠳ ᠲᠡᠷᠯᠢᠭ ᠢᠶᠠᠷ ᠢᠶᠠᠨ ᠭᠤᠶᠣᠯᠠᠨ | ᠭᠠᠴᠠᠭᠠᠨ ᠳᠡᠭᠡᠷ᠎ᠡ ᠴᠣᠭᠯᠠᠷᠠᠵᠦ ᠨᠤᠲᠤᠭ ᠤᠨ ᠠᠬᠠᠮᠠᠳ ᠲᠤᠮᠤᠭᠠᠲᠠᠨ᠂ ᠠᠶᠢᠯ ᠰᠠᠭᠠᠬᠠᠯᠲᠠ ᠲᠠᠢ ᠪᠠᠨ ᠭᠦᠬᠦᠥᠷ | ᠬᠠᠳᠠᠭ ᠰᠤᠯᠢᠯᠴᠠᠵᠤ ᠰᠢᠨ᠎ᠠ ᠶᠢᠨ ᠵᠣᠯᠭᠠᠯᠳᠠ ᠬᠢᠬᠦ ᠶᠢᠨ ᠬᠠᠮᠳᠣ ᠵᠦᠢᠷ ᠰᠡᠴᠡᠨ ᠦᠭᠡ ᠶᠢ ᠪᠦᠲᠦᠨ ᠪᠤᠯᠭᠠᠬᠤ᠂ | ᠤᠨᠢᠰᠤᠭ᠎ᠠ ᠲᠠᠭᠠᠬᠤ ᠮᠡᠲᠤ ᠶᠢᠨ ᠮᠣᠩᠭᠤᠯ ᠦᠨᠳᠦᠰᠦᠲᠡᠨ ᠤ ᠲᠡᠣᠬᠡ ᠰᠣᠶᠣᠯ᠂ ᠵᠠᠩ ᠲᠠᠳᠬᠠᠯ᠂ ᠤᠷᠤᠨ ᠨᠤᠲᠤᠭ | ᠤᠨ ᠰᠣᠶᠣᠯ ᠲᠡᠣᠭᠡ ᠵᠡᠷᠭᠡ ᠮᠡᠳᠡᠯᠭᠡ ᠮᠡᠳᠡᠴᠡ ᠶᠢ ᠬᠠᠮᠣᠷᠣᠭᠰᠠᠨ ᠡᠯᠪᠡᠭ ᠪᠠᠶᠠᠯᠢᠭ ᠠᠭᠤᠯᠭ᠎ᠠ ᠲᠠᠢ ᠣᠶᠣᠨ ᠤ | ᠣᠷᠣᠯᠳᠣᠭᠠᠨ ᠢ ᠶᠠᠪᠤᠭᠳᠠᠭᠤᠯᠤᠨ ᠤᠷᠳᠤᠰ ᠷᠠᠳᠢᠣ᠋ ᠲᠧᠯᠸᠢᠰ ᠬᠤᠷᠢᠶᠠᠨ ᠤ ︽ᠨᠠᠭᠠᠳᠤᠮ︾ ᠲᠡᠯᠭᠡᠴᠡ ᠶᠢᠨ ᠬᠢᠨ | ᠰᠡᠭᠦᠳᠡᠷᠯᠡᠨ ᠰᠢᠩᠬᠡᠭᠡᠵᠦ ᠰᠢᠨ᠎ᠡ ᠵᠢᠯ ᠴᠠᠭᠠᠨ ᠰᠠᠷ᠎ᠠ ᠶᠢᠨ ᠬᠠᠮᠲᠤ ᠶᠢᠨ ᠴᠠᠶᠢᠯᠠᠯᠭ᠎ᠠ ᠪᠠᠨ ᠣᠳᠬ᠎ᠠ ᠳᠡᠭᠦᠯᠳᠡᠷ | ᠳᠡᠮᠳᠡᠭᠯᠡᠪᠡ᠃ | ᠡᠨ᠋ᠨ ᠣᠳᠠᠭᠠᠨ ᠤ ᠬᠠᠮᠳᠣ ᠶᠢᠨ ᠴᠠᠶᠢᠯᠠᠯᠭ᠎ᠠ ᠳᠡᠭᠡᠷ᠎ᠡ ᠪᠠᠰᠠ ᠵᠠᠩᠭᠤᠲᠤ ᠮᠠᠯᠵᠢᠯ ᠤᠨ ᠬᠤᠷᠰᠢᠶᠠᠨ ᠤ 70 | ᠨᠠᠰᠤᠨ ᠠᠴᠠ ᠲᠡᠭᠡᠭᠰᠢᠬᠢ ᠨᠠᠰᠤᠲᠠᠶᠢᠴᠤᠳ ᠲᠤ ᠪᠡᠯᠡᠭ ᠬᠦᠷᠭᠡᠵᠦ ᠳᠡᠳᠡᠨ ᠢ ᠦᠲᠡᠯᠦᠭᠡ ᠨᠠᠰᠤ ᠪᠠᠨ ᠵᠤᠯ ᠵᠢᠷᠭᠠᠯ | ᠲᠠᠢ ᠦᠩᠭᠡᠷᠡᠭᠡᠬᠦ ᠶᠢ ᠢᠷᠣᠭᠡᠨ ᠵᠦᠡᠭᠨᠡᠭᠰᠡᠨ ᠪᠠᠶᠢᠨ᠎ᠠ᠃ ᠴᠠᠶᠢᠯᠠᠯᠭ᠎ᠠ ᠶᠢᠨ ᠡᠴᠦᠰ ᠲᠤ ᠵᠠᠩᠭᠤᠲᠤ ᠮᠠᠯᠵᠢᠯ ᠤᠨ | ᠬᠤᠷᠰᠢᠶᠠᠨ ᠤ ᠠᠷᠠᠳ ᠤᠨ ᠤᠷᠠᠯᠢᠭᠴᠢᠳ ᠠᠴᠠ ᠣᠷᠠᠨ ᠰᠠᠶᠢᠬᠠᠨ ᠤ ᠳᠣᠭᠯᠠᠯᠳᠡ ᠭᠠᠷᠭᠠᠵᠣ ᠬᠤᠷᠠᠭᠰᠠᠨ ᠣᠯᠠᠨ ᠤ | ᠬᠠᠷᠠᠭ᠎ᠠ ᠰᠣᠨᠣᠷ ᠢ ᠮᠢᠯᠢᠶᠠᠪᠠ᠃ | |