ᠤᠷᠴᠢᠮ ᠤᠨ ᠵᠢᠯ ᠤᠳ ᠠᠴᠠ ᠬᠥᠮᠥᠰ ᠡᠷᠡᠭᠦᠯ ᠮᠡᠨᠳᠦ ᠪᠠᠨ ᠶᠡᠬᠡᠳᠡ ᠠᠩᠬᠠᠷᠴᠤ ᠪᠠᠶᠢᠭᠠᠯᠢᠯᠢᠭ | ᠤᠯᠠᠮᠵᠢᠯᠠᠯᠲᠤ ᠢᠳᠡᠭᠡᠨ ᠤᠮᠳᠠᠭᠠᠨ ᠢ ᠡᠷᠬᠢᠮᠯᠡᠬᠦ ᠪᠤᠯᠤᠬᠰᠠᠠ ᠪᠠᠶᠢᠳᠠᠯ ᠳᠤ ᠴᠢᠭᠯᠡᠭᠦᠯᠥᠨ ᠡᠷᠳᠡᠨᠢᠬᠤᠸᠠᠷ ᠨᠢᠭᠡ | ᠰᠠᠭᠠᠯᠢ ᠶᠢᠨ ᠥᠨᠢᠶ᠎ᠠ ᠬᠤᠳᠠᠯᠳᠤᠨ ᠠᠪᠴᠤ᠂ ᠡᠵᠢ ᠠᠪᠤ ᠠᠴᠠ ᠤᠯᠠᠮᠵᠢᠯᠠᠵᠤ ᠢᠷᠡᠭᠰᠡᠨ ᠴᠠᠭᠠᠨ ᠢᠳᠡᠭᠡᠨ ᠰᠥ | ᠰᠠᠭᠠᠯᠢ ᠪᠠᠨ ᠬᠢᠵᠦ ᠡᠬᠢᠯᠡᠵᠠᠢ᠃ | | | | | | | ᠡᠷᠳᠡᠨᠢᠬᠤᠸᠠᠷ ᠪᠥᠰᠡᠭᠦᠢ ᠪᠣᠯ ᠥᠤᠰᠢᠨ ᠬᠤᠰᠢᠭᠤᠨ ᠤ ᠦᠤᠰᠢᠨᠵᠤᠤ ᠪᠠᠯᠭᠠᠰᠤᠨ ᠤ ᠪᠦᠷᠢᠳᠦ ᠭᠠᠴᠠᠭᠠᠨ ᠤ | ᠠᠭᠤᠶᠢᠨᠰᠢᠯᠢ ᠮᠠᠯᠵᠢᠯ ᠤᠨ ᠬᠤᠷᠰᠢᠶᠠᠨ ᠤ ᠨᠢᠭᠡᠨ ᠵᠢᠷ ᠤᠨ ᠮᠠᠯᠴᠢᠨ ᠪᠥᠰᠡᠭᠦᠢ ᠪᠤᠯᠤᠨ᠎ᠠ᠂ ᠦᠨᠢᠶ᠎ᠡ ᠪᠠᠨ ᠰᠠᠭᠠᠵᠦ᠂ | ᠤᠯᠠᠮᠵᠢᠯᠠᠯᠲᠤ ᠰᠥ ᠰᠠᠭᠠᠯᠢ ᠬᠢᠵᠦ ᠡᠬᠢᠯᠡᠭᠰᠡᠨ ᠳᠤ ᠤᠶᠢᠷ᠎ᠠ ᠬᠠᠪᠢ ᠶᠢᠨ ᠬᠥᠮᠥᠰ ᠲᠡᠭᠦᠨ ᠤ ᠬᠢᠭᠰᠡᠨ ᠥᠷᠥᠮ᠎ᠡ | ᠴᠥᠷᠮ᠎ᠡ᠂ ᠰᠢᠷ᠎ᠠ ᠳᠤᠰᠥ᠂ ᠰᠥ᠂ ᠠᠶᠢᠷᠠᠭ ᠢ ᠪᠣᠯᠢᠶᠠᠯᠳᠤᠨ ᠬᠤᠳᠠᠯᠳᠤᠨ ᠠᠪᠴᠤ ᠵᠠᠬᠢᠶᠠᠯᠠᠵᠦ ᠡᠬᠢᠯᠡᠭᠰᠡᠨ ᠪᠠᠶᠢᠨ᠎ᠠ | ᠃ ᠢᠡᠭᠭᠢᠬᠡᠳ ᠲᠡᠷᠡ ᠨᠠᠮ ᠵᠠᠰᠠᠭ ᠤᠨ ᠳᠡᠮᠵᠢᠯᠭᠡ ᠳᠤᠤᠷ᠎ᠠ ᠡᠮᠡᠭᠲᠠᠶᠢᠴᠦᠳ ᠤᠨ ᠳᠤᠰᠬᠠᠢ ᠵᠢᠭᠡᠯᠡᠯᠭᠡ ᠶᠢ ᠤᠯᠵᠦ᠂ | ᠦᠪᠡᠷ ᠤᠨ ᠬᠤᠷᠠᠮᠳᠠᠭᠤᠯᠣᠭᠰᠠᠨ ᠮᠥᠩᠭᠦ ᠪᠠᠨ ᠨᠡᠮᠡᠨ ᠥᠨᠢᠶᠡᠨ ᠤ ᠪᠠᠨ ᠲᠤᠭ᠎ᠠ ᠲᠣᠯᠣᠭᠠᠢ ᠶᠢ ᠠᠷᠪᠢᠳᠠᠭᠤᠯᠤᠨ᠂ | ᠬᠠᠰᠢᠶ᠎ᠠ ᠰᠠᠷᠠᠪᠴᠢ ᠪᠠᠨ ᠰᠢᠨᠡᠳᠭᠡᠨ᠂ ᠡᠪᠡᠰᠦ ᠪᠣᠷᠳᠤᠭ᠎ᠠ ᠪᠠᠨ ᠪᠡᠯᠡᠳᠭᠡᠵᠦ᠂ ᠲᠤᠨᠤᠭ ᠲᠦᠬᠦᠭᠡᠷᠤᠮᠵᠢ ᠪᠠᠨ | ᠰᠠᠶᠢᠵᠢᠷᠠᠭᠤᠯᠤᠨ ᠭᠡᠷ ᠤᠨ ᠬᠦᠮᠥᠨ ᠤ ᠬᠠᠪᠰᠤᠷᠤᠯᠭ᠎ᠠ ᠪᠠᠷ ᠤᠯᠠᠮᠵᠢᠯᠠᠯᠲᠤ ᠰᠥ ᠰᠠᠭᠠᠯᠢ ᠪᠠᠨ ᠬᠢᠵᠦ᠂ | ᠪᠥᠲᠥᠭᠳᠡᠭᠦᠨ ᠤ ᠴᠢᠨᠠᠷ ᠴᠢᠨᠰᠠᠭ᠎ᠠ ᠶᠢ ᠪᠠᠲᠤᠯᠠᠨ ᠣᠯᠠᠨ ᠤ ᠲᠠᠭᠠᠰᠢᠶᠠᠯ ᠳᠤ ᠭᠥᠷᠬᠦ ᠪᠠᠷ ᠴᠢᠷᠮᠠᠶᠢᠭᠰᠠᠨ ᠪᠠᠶᠢᠨ᠎ᠠ᠃ | ︽ᠬᠥᠳᠡᠯᠮᠥᠷᠢ ᠬᠥᠮᠥᠨ ᠢ ᠭᠤᠮᠤᠳᠠᠭᠠᠬᠤ ᠥᠭᠡᠢ︾ ᠭᠡᠳᠡᠭ ᠢᠶᠠᠷ ᠠᠷᠢᠭᠤᠨ ᠬᠥᠳᠡᠯᠮᠥᠷᠢ ᠶᠢᠨ ᠠᠴᠢ ᠳᠤᠰᠠ | ᠠᠶᠢᠯ ᠭᠡᠷ ᠢ ᠢᠪᠡᠭᠡᠵᠤ ᠰᠥ ᠰᠠᠭᠠᠯᠢ ᠶᠢᠨ ᠤᠷᠤᠯᠭ᠎ᠠ ᠨᠢ 20 ᠲᠥᠮᠡ ᠶᠢ ᠳᠠᠪᠠᠵᠤ ᠬᠤᠶᠠᠷ ᠬᠡᠤᠭᠡᠳ ᠢᠶᠠᠨ | ᠰᠣᠷᠭᠠᠭᠤᠯᠢ ᠰᠤᠶᠤᠯ ᠳᠤ ᠰᠤᠷᠤᠯᠴᠠᠭᠤᠯᠬᠤ ᠳᠤ ᠭᠥᠴᠢᠷᠳᠡᠬᠦ ᠥᠭᠡᠢ ᠪᠣᠯᠣᠭᠰᠠᠨ ᠮᠥᠷᠲᠡᠭᠡᠨ ᠠᠶᠢᠯ ᠭᠡᠷ ᠤᠨ ᠠᠷ | ᠰᠠᠷ ᠵᠠᠷᠤᠳᠠᠯ ᠢ ᠬᠠᠩᠭᠠᠬᠤ ᠪᠣᠯᠵᠠᠢ᠃ ᠡᠷᠳᠡᠨᠢᠬᠤᠸᠠᠷ ᠤᠯᠠᠮᠵᠢᠯᠠᠯᠲᠤ ᠰᠥ ᠴᠠᠭᠠᠨ ᠢᠳᠡᠭᠡ ᠬᠢᠬᠦ ᠠᠷᠭ᠎ᠠ | ᠮᠡᠷᠭᠡᠵᠢᠯ ᠢᠶᠠᠨ ᠤᠯᠠᠮ ᠴᠢᠨᠠᠭᠰᠢᠳᠠ ᠥᠷᠭᠡᠳᠭᠡᠬᠦ ᠶᠢᠨ ᠲᠥᠯᠥᠭᠡ ᠴᠠᠭᠠᠨ ᠢᠳᠡᠭᠡ ᠪᠣᠯᠪᠠᠰᠤᠷᠠᠭᠤᠯᠬᠤ ᠮᠡᠷᠭᠡᠵᠢᠯ ᠤᠨ | ᠭᠢᠴᠢᠶᠡᠯ ᠰᠤᠷᠤᠯᠴᠠᠨ ᠲᠥᠷᠦᠯ ᠵᠥᠢᠯ ᠢᠶᠠᠨ ᠤᠯᠠᠮ ᠠᠷᠪᠢᠨ ᠪᠣᠯᠭᠠᠵᠤ᠂ ᠵᠥᠴᠥᠭᠡᠢ ᠶᠢᠨ ᠪᠣᠣᠪᠤ᠂ ᠰᠢᠷ᠎ᠠ ᠤᠰᠦᠨ | ᠤᠮᠳᠠᠭᠠᠨ᠂ ᠰᠢᠷ᠎ᠠ ᠤᠰᠦᠨ ᠰᠢᠬᠢᠷ᠂ ᠰᠥᠨ ᠰᠢᠬᠢᠷ᠂ ᠳᠠᠰᠢᠮᠠᠭ᠂ ᠰᠥ ᠪᠠᠷ ᠨᠤᠬᠤᠭᠰᠠᠨ ᠪᠣᠣᠪᠤ᠂ ᠰᠢᠷ᠎ᠠ ᠤᠰᠤᠨ | ᠮᠠᠨᠳᠦᠦ ᠵᠡᠷᠭᠡ ᠬᠢᠬᠦ ᠠᠷᠭ᠎ᠠ ᠮᠡᠷᠭᠡᠵᠢᠯ ᠢ ᠰᠤᠷᠤᠯᠴᠠᠨ ᠡᠵᠡᠮᠰᠢᠭᠰᠡᠡ ᠪᠠᠶᠢᠨ᠎ᠠ᠃ | ᠰᠢᠷᠭᠠᠭᠤ ᠬᠥᠳᠡᠯᠮᠥᠷᠢ᠂ ᠰᠢᠮᠲᠠᠨ ᠰᠤᠷᠤᠯᠴᠠᠯᠭ᠎ᠠ ᠠᠴᠠ ᠠᠮᠵᠢᠯᠲᠠ ᠪᠥᠲᠥᠭᠡᠯ ᠤᠨ ᠳᠠᠭᠤᠨ ᠴᠤᠤᠷᠢᠶᠠᠳᠤᠨ᠎ᠠ | ᠂ 2018 ᠣᠨ ᠤ ᠦᠤᠰᠢᠨᠵᠤᠤ ᠪᠠᠯᠭᠠᠰᠤᠨ ᠤ ᠪᠦᠷᠢᠳᠦ ᠭᠠᠴᠠᠭᠠᠨ ᠤ ᠡᠮᠡᠭᠲᠠᠶᠢᠴᠦᠳ ᠤᠨ ᠬᠤᠯᠪᠤᠭ᠎ᠠ ᠠᠴᠠ | ᠡᠷᠬᠢᠯᠡᠭᠰᠡᠨ ︽ᠠᠪᠢᠶᠠᠰᠯᠢᠭ ᠪᠦᠰᠡᠭᠦ᠋ᠢᠴᠤᠳ︾ ᠤᠷ᠎ᠠ ᠮᠡᠷᠭᠡᠵᠢᠯ ᠤᠨ ᠤᠷᠤᠯᠳᠤᠭᠠᠨ ᠳᠤ ᠡᠷᠳᠡᠨᠢᠬᠤᠸᠠᠷ | ᠠᠭᠤᠶᠢᠨᠰᠢᠯᠢ ᠮᠠᠯᠵᠢᠯ ᠤᠨ ᠬᠤᠷᠰᠢᠶ᠎ᠠ ᠶᠢ ᠲᠥᠯᠥᠭᠡᠯᠡᠨ ᠣᠷᠣᠯᠴᠠᠵᠤ ᠲᠡᠭᠦᠨ ᠤ ᠨᠥᠬᠦᠳ ᠲᠠᠢ ᠪᠠᠨ ᠬᠠᠮᠵᠢᠵᠦ | ᠬᠢᠭᠰᠡᠨ ᠴᠠᠭᠠᠨ ᠢᠳᠡᠭᠡᠨ ᠤ ᠪᠥᠲᠥᠭᠳᠡᠭᠦᠨ ᠨᠢ ᠬᠢᠨᠠᠭᠴᠢ ᠪᠠᠭᠰᠢ ᠪᠠ ᠥᠵᠡᠭᠴᠢᠳ ᠤᠨ ᠬᠢᠨᠠᠯᠲᠠ ᠪᠠᠷ ᠲᠡᠷᠢᠭᠦᠨ | ᠪᠠᠶᠢᠷᠢᠨ ᠳᠤ ᠲᠣᠳᠣᠷᠠᠵᠤ ᠬᠠᠮᠲᠦ ᠨᠢᠭᠡᠴᠢ ᠪᠠ ᠬᠤᠪᠢ ᠬᠥᠮᠥᠨ ᠤ ᠲᠡᠷᠢᠭᠦᠨ ᠤ ᠰᠠᠩᠨᠠᠯ ᠢ ᠤᠯᠣᠭᠰᠠᠨ ᠪᠥᠭᠡᠳ | ᠥᠤᠰᠢᠨ ᠬᠤᠰᠢᠭᠤᠨ ᠤ ᠡᠮᠡᠭᠲᠠᠶᠢᠴᠦᠳ ᠤᠨ ᠬᠤᠯᠪᠣᠭᠠᠲᠤ ᠬᠤᠷᠠᠯ ᠤᠨ ᠦᠢᠯᠡᠰ ᠪᠣᠰᠬᠠᠭᠴᠢᠳ ᠤᠨ ᠰᠠᠩᠨᠠᠯ ᠢ | ᠭᠠᠷᠳᠠᠭᠰᠠᠠ ᠪᠠᠶᠢᠨ᠎ᠠ᠃ | |