ᠤᠶᠢᠷ᠎ᠠ ᠶᠢᠨ ᠡᠳᠦᠷ ᠭᠠᠯᠠᠭᠤᠲᠤ ᠪᠠᠯᠭᠠᠰᠤᠨ ᠤ ᠨᠠᠨᠳᠢᠨ ᠨᠡᠶᠢᠭᠡᠮ ᠲᠣᠭᠤᠷᠢᠭ ᠤᠯᠤᠰ ᠤᠨ ᠳᠡᠰ ᠤᠨ | ᠪᠣᠳᠠᠰ ᠤᠨ ᠪᠤᠰᠤ ᠰᠣᠶᠣᠯ ᠤᠨ ᠥᠪ ᠪᠤᠯᠬᠤ ᠣᠷᠳᠣᠰ ᠬᠤᠷᠢᠮ ᠤᠨ ᠲᠠᠷᠬᠠᠨ ᠬᠤᠨᠵᠢᠨ ᠵᠠᠩ ᠦᠢᠯᠡ ᠶᠢᠨ ᠪᠠᠭᠰᠢ | ᠴᠠᠭᠳᠤᠷᠰᠡᠷᠡᠩ ᠢ ᠤᠷᠢᠵᠤ ᠬᠡᠦᠬᠡᠳ ᠲᠤ ᠵᠠᠩ ᠦᠢᠯᠡ ᠶᠢᠨ ᠦᠢᠯᠡᠳᠦᠯᠭᠡ ᠶᠢᠨ ᠬᠢᠴᠢᠶᠡᠯ ᠤᠷᠤᠭᠤᠯᠤᠭᠰᠠᠨ ᠪᠠᠶᠢᠨ᠎ᠠ | ᠃ ᠬᠢᠴᠢᠶᠡᠯᠯᠡᠭᠡ ᠨᠢ ᠶᠠᠭ ᠰᠠᠶᠢᠬᠠᠨ ᠭᠠᠯ ᠲᠠᠬᠢᠯᠭ᠎ᠠ ᠶᠢᠨ ᠡᠳᠦᠷ ᠲᠠᠢ ᠲᠤᠬᠢᠶᠠᠯᠳᠤᠭᠰᠠᠨ ᠪᠤᠯᠬᠤᠷ ᠪᠠᠭᠰᠢ ᠠᠴᠠ | ᠶᠠᠭᠤᠨ ᠳᠤ ᠭᠠᠯ ᠲᠠᠬᠢᠳᠠᠭ᠂ ᠭᠠᠯ ᠲᠠᠬᠢᠬᠤ ᠳᠤ ᠶᠠᠭᠤ ᠬᠡᠷᠡᠭᠰᠡᠳᠡᠭ᠂ ᠶᠠᠭᠤ ᠶᠢ ᠠᠩᠬᠠᠷᠳᠠᠭ ᠲᠤᠬᠠᠢ ᠳᠣᠮᠤᠭ | ᠦᠯᠢᠭᠡᠷ᠂ ᠤᠯᠠᠮᠵᠢᠯᠠᠯᠲᠤ ᠵᠠᠩᠰᠢᠯ᠂ ᠲᠡᠦᠬᠡ ᠲᠠᠢ ᠤᠶᠠᠯᠳᠤᠭᠤᠯᠤᠨ ᠠᠮᠢᠳᠤᠯᠢᠭ ᠰᠠᠶᠢᠬᠠᠨ ᠲᠠᠶᠢᠯᠪᠤᠷᠢᠯᠠᠬᠤ ᠶᠢᠨ | ᠬᠠᠮᠳᠤ ᠰᠦᠷᠦᠭ ᠤᠨ ᠲᠦᠷᠦᠭᠦᠦ ᠶᠢᠨ ᠠᠮᠢᠰᠬᠤᠭ᠎ᠠ ᠰᠢᠩᠬᠡᠭᠰᠡᠨ ᠠᠬᠠᠷ ᠢᠶᠠᠷ ᠤᠲᠠᠰᠤ ᠡᠭᠡᠷᠡᠬᠦ᠂ ᠭᠠᠯ ᠤᠨ | ᠪᠤᠳᠠᠭ᠎ᠠ ᠴᠢᠨᠠᠬᠤ ᠵᠢᠴᠢ ᠭᠠᠯ ᠲᠠᠬᠢᠯᠭ᠎ᠠ ᠶᠢᠨ ᠦᠢᠯᠡ ᠶᠢᠨ ᠴᠢᠬᠤᠯᠠ ᠠᠭᠤᠯᠭ᠎ᠠ ᠪᠣᠯᠬᠤ ᠡᠪᠴᠢᠭᠦᠦ ᠴᠢᠮᠡᠬᠦ ᠶᠤᠰᠤ | ᠵᠡᠷᠭᠡ ᠶᠢ ᠲᠤᠬᠠᠢ ᠶᠢᠨ ᠲᠠᠯᠠᠪᠤᠷ ᠲᠤ ᠨᠢᠬᠡᠳ ᠨᠢᠬᠡ ᠪᠠᠷ ᠪᠡᠶᠡᠴᠢᠯᠡᠨ ᠬᠢᠵᠦ ᠬᠢᠴᠢᠶᠡᠯᠯᠡᠭᠡ ᠳᠤ ᠤᠷᠤᠯᠴᠠᠭᠰᠠᠨ | ᠬᠡᠥᠬᠡᠳ ᠪᠤᠯᠤᠨ ᠭᠡᠷ ᠤᠨ ᠠᠬᠠᠮᠠᠳ ᠲᠤ ᠤᠯᠠᠮᠵᠢᠯᠠᠯᠲᠤ ᠶᠣᠰᠣ ᠵᠠᠩᠰᠢᠯ ᠢ ᠤᠶᠢᠯᠠᠭᠠᠭᠤᠯᠤᠭᠰᠠᠨ ᠪᠠᠶᠢᠨ᠎ᠠ᠃ | ᠭᠠᠯᠠᠭᠤᠲᠤ ᠪᠠᠯᠭᠠᠰᠤᠨ ᠤ ᠨᠠᠨᠳᠢᠨ ᠨᠡᠶᠢᠬᠡᠮ ᠲᠤᠭᠤᠷᠢᠭ 16200 ᠰᠠᠭᠤᠭᠠᠯᠢ ᠠᠷᠠᠳ ᠲᠠᠢ ᠨᠡᠬᠦᠳᠡᠯ | ᠠᠷᠠᠳ ᠤᠨ ᠲᠤᠭᠤᠷᠢᠭ ᠪᠤᠯᠤᠭᠰᠠᠨ ᠤ ᠬᠤᠪᠢ ᠳᠤ ᠰᠠᠭᠤᠭᠠᠯᠢ ᠲᠤᠭᠤᠷᠢᠭ ᠤᠨ ᠢᠶᠠᠨ ᠪᠤᠳᠠᠳᠤ ᠪᠠᠶᠢᠳᠠᠯ ᠢᠶᠠᠨ | ᠦᠨᠳᠦᠰᠦᠯᠡᠨ ᠬᠡᠦᠬᠡᠳ ᠪᠠᠭᠠᠴᠤᠳ ᠲᠤ ᠤᠯᠠᠮᠵᠢᠯᠠᠯᠳᠤ ᠶᠤᠰᠤᠨ ᠤ ᠦᠢᠯᠡᠳᠦᠯᠬᠡ ᠶᠢᠨ ᠬᠢᠴᠢᠶᠠᠯ ᠢ ᠦᠷᠬᠦᠯᠵᠢ | ᠶᠢᠨ ᠴᠢᠨᠠᠷᠳᠠᠢ ᠵᠢᠭᠠᠵᠤ ᠶᠤᠰᠤ ᠵᠠᠩᠰᠢᠯ ᠢᠶᠠᠨ ᠦᠪᠯᠡᠵᠦ ᠤᠯᠠᠮᠵᠢᠯᠠᠬᠤ ᠠᠵᠢᠯ ᠢ ᠴᠢᠬᠤᠯᠠᠴᠢᠯᠠᠨ ᠠᠳᠬᠤᠵᠤ | ᠪᠠᠶᠢᠨ᠎ᠠ᠃ |