ᠮᠠᠨ ᠤ ᠬᠤᠰᠢᠭᠤ ︽ᠢᠳᠡᠬᠡᠮᠵᠢᠳᠦ ᠭᠠᠴᠠᠭ᠎ᠠ ᠲᠤᠰᠬᠤᠨ︾ ᠢ ᠴᠤᠭᠴᠠᠯᠠᠵᠤ ᠬᠦᠳᠡᠭᠡ ᠲᠤᠰᠬᠤᠨ ᠢ ᠬᠦᠭᠵᠢᠬᠦᠯᠦᠨ ᠮᠠᠨᠳᠤᠭᠤᠯᠬᠤ ᠠᠵᠢᠯ ᠳᠤ ᠬᠦᠴᠦᠨ ᠨᠡᠮᠡᠷᠢᠯᠡᠵᠤ ᠪᠠᠶᠢᠨ᠎ᠠ
ᠨᠡᠶᠢᠲᠡᠯᠡᠭᠰᠡᠨ ᠴᠠᠭ᠄
2019-01-03
      ᠦᠥᠰᠢᠨ ᠬᠤᠰᠢᠭᠤᠨ ᠤ ᠬᠦᠳᠡᠭᠡ ᠲᠤᠰᠬᠤᠨ ᠤ ᠢᠳᠡᠬᠡᠮᠵᠢᠳᠦ ᠵᠢᠬᠡᠯᠡᠯᠬᠡ ᠶᠢᠨ ᠬᠤᠯᠪᠤᠭᠠᠳᠤ ᠬᠤᠷᠰᠢᠶ᠎ᠠ ᠬᠦᠳᠡᠭᠡ ᠲᠤᠰᠬᠤᠨ ᠢ ᠬᠦᠭᠵᠢᠬᠦᠯᠦᠨ ᠮᠠᠨᠳᠤᠭᠤᠯᠬᠤ ᠠᠵᠢᠯ ᠳᠤ ᠨᠡᠩ ᠰᠠᠶᠢᠨ ᠰᠠᠭᠤᠷᠢ ᠲᠠᠯᠪᠢᠵᠤ᠂ ᠦᠢᠯᠡᠴᠢᠯᠡᠭᠡ  ᠪᠠᠨ ᠤᠯᠠᠮ ᠰᠢᠯᠢᠳᠡᠭᠵᠢᠬᠦᠯᠬᠦ ᠶᠢᠨ ᠡᠬᠦᠳᠡᠨ ᠠᠴᠠ ᠪᠦᠬᠦ ᠬᠤᠰᠢᠭᠤᠨ ᠤ ᠪᠠᠨ ᠬᠡᠪᠴᠢᠶᠠᠨ ᠳᠤ ︽ᠢᠳᠡᠬᠡᠮᠵᠢᠳᠦ ᠭᠠᠴᠠᠭ᠎ᠠ ᠲᠤᠰᠬᠤᠨ︾ ᠤ ᠪᠠᠶᠢᠭᠤᠯᠤᠯᠳᠠ ᠶᠢᠨ ᠠᠵᠢᠯ ᠢ ᠦᠷᠨᠢᠬᠦᠯᠵᠦ ᠮᠠᠯᠴᠢᠨ ᠲᠠᠷᠢᠶᠠᠴᠢᠨ ᠳᠤ ᠰᠢᠭᠤᠳ ᠦᠢᠯᠡᠴᠢᠯᠡᠭᠡ ᠭᠦᠷᠭᠡᠵᠤ ᠪᠠᠶᠢᠨ᠎ᠠ᠃      ᠦᠥᠰᠢᠨᠵᠤᠤ ᠪᠠᠯᠭᠠᠰᠤᠨ ᠤ ᠪᠠᠶᠠᠨᠳᠤᠯᠤᠭᠠᠢ ᠭᠠᠴᠠᠭ᠎ᠠ 270 ᠡᠷᠦᠬᠡ ᠲᠠᠢ ᠪᠠᠶᠢᠵᠤ᠂ ᠬᠦᠳᠡᠭᠡ ᠲᠤᠰᠬᠤᠨ  ᠤ ᠢᠳᠡᠬᠡᠮᠵᠢᠳᠦ ᠵᠢᠬᠡᠯᠡᠯᠬᠡ ᠶᠢᠨ ᠬᠤᠯᠪᠤᠭᠠᠳᠤ ᠬᠤᠷᠰᠢᠶᠠᠨ ᠠᠴᠠ ᠵᠢᠯ ᠲᠤᠳᠤᠮ 2000 ᠲᠦᠮᠡᠨ ᠲᠦᠬᠦᠷᠢᠭ ᠤᠨ ᠵᠢᠬᠡᠯᠡᠯᠬᠡ ᠠᠪᠳᠠᠭ ᠪᠠᠶᠢᠵᠤ᠂ ᠬᠤᠰᠢᠭᠤ ᠬᠦᠳᠡᠭᠡ ᠲᠤᠰᠬᠤᠨ ᠤ ᠢᠳᠡᠬᠡᠮᠵᠢᠳᠦ ᠵᠢᠬᠡᠯᠡᠯᠬᠡ ᠶᠢᠨ ᠬᠤᠯᠪᠤᠭᠠᠳᠤ ᠬᠤᠷᠰᠢᠶᠠᠨ ᠠᠴᠠ ᠪᠠᠶᠠᠨᠳᠤᠯᠤᠭᠠᠢ ᠭᠠᠴᠠᠭ᠎ᠠ ᠶᠢ ︽ᠢᠳᠡᠬᠡᠮᠵᠢᠳᠦ ᠭᠠᠴᠠᠭ᠎ᠠ︾ ᠪᠠᠷ ᠦᠨᠡᠯᠡᠵᠦ ᠲᠤᠰᠬᠠᠢ ᠫᠠᠶᠢᠰᠠ ᠤᠯᠭᠤᠭᠰᠠᠨ ᠪᠠᠶᠢᠨ᠎ᠠ᠃ ᠮᠦᠩᠬᠡ ᠪᠤᠯ ᠪᠠᠶᠠᠨᠳᠤᠯᠤᠭᠠᠢ ᠭᠠᠴᠠᠭᠠᠨ ᠤ ᠮᠠᠯᠴᠢᠨ ᠶᠤᠮ᠃ ᠲᠡᠷᠡ 2017 ᠤᠨ ᠳᠤ ᠭᠠᠴᠠᠭᠠᠨ ᠤ ᠪᠠᠨ 15 ᠡᠷᠦᠬᠡ ᠲᠠᠢ ᠬᠠᠮᠳᠤᠷᠠᠵᠤ ︽ᠪᠠᠶᠠᠨ ᠪᠠᠶᠢᠯᠡ︾ ᠮᠠᠯ ᠲᠠᠷᠢᠶᠠᠯᠠᠩ ᠠᠵᠤ ᠠᠬᠤᠢ ᠶᠢᠨ ᠦᠢᠯᠡᠴᠢᠯᠡᠬᠡᠨ ᠤ ᠬᠤᠷᠰᠢᠶᠠᠵᠢᠯ ᠪᠠᠶᠢᠭᠤᠯᠵᠤ᠂ ᠲᠠᠷᠢᠶᠠᠯᠠᠩ ᠤᠨ ᠮᠠᠰᠢᠨ ᠲᠦᠭᠦᠷᠵᠢᠭᠦᠯᠤᠨ ᠮᠠᠯᠴᠢᠳ ᠤᠨ ᠢᠶᠠᠨ ᠲᠠᠷᠢᠶᠠᠯᠠᠩ ᠤᠨ ᠦᠢᠯᠡᠰ ᠤᠨ ᠬᠦᠭᠵᠢᠯᠳᠡ ᠳᠤ ᠦᠢᠯᠡᠴᠢᠯᠡᠭᠰᠡᠬᠡᠷ ᠢᠷᠡᠭᠰᠡᠨ ᠴᠤ ᠮᠠᠯ ᠠᠵᠤ ᠠᠬᠤᠢ ᠶᠢᠨ ᠬᠦᠭᠵᠢᠯᠳᠡ ᠶᠢᠨ ᠲᠠᠯ᠎ᠠ ᠳᠤ ᠬᠤᠷᠰᠢᠶᠠᠵᠢᠯ ᠤᠨ ᠦᠢᠯᠡᠳᠦᠯ ᠢ ᠬᠠᠷᠠᠬᠠᠨ ᠪᠠᠳᠠᠷᠠᠭᠤᠯᠵᠤ ᠲᠡᠶᠢᠯᠦᠬᠡ ᠦᠬᠡᠢ ᠪᠠᠶᠢᠵᠠᠢ ᠃ ᠲᠡᠷᠡ ᠢᠷᠡᠬᠦ ᠵᠢᠯ ᠠᠴᠠ ᠬᠦᠳᠡᠭᠡ ᠲᠤᠰᠬᠤᠨ ᠤ ᠢᠳᠡᠬᠡᠮᠵᠢᠳᠦ ᠵᠢᠬᠡᠯᠡᠯᠬᠡ ᠶᠢᠨ ᠬᠤᠯᠪᠤᠭᠠᠳᠤ ᠬᠤᠷᠰᠢᠶᠠᠨ ᠠᠴᠠ ᠵᠢᠬᠡᠯᠡᠯᠬᠡ ᠠᠪᠴᠤ ᠬᠤᠷᠰᠢᠶᠠᠵᠢᠯ ᠤᠨ ᠬᠡᠰᠢᠬᠦᠳ ᠢᠶᠠᠨ ᠲᠠᠶᠢᠴᠢᠯᠠᠨ ᠬᠤᠤᠰ ᠬᠦᠭᠵᠢᠯᠳᠡ ᠶᠢ ᠡᠬᠦᠳᠬᠦ ᠪᠠᠷ ᠰᠦᠪᠡᠭᠴᠢᠯᠠᠵᠤ ᠭᠠᠴᠠᠭ᠎ᠠ ᠨᠢ ᠡᠨᠡ ᠤᠳᠠᠭ᠎ᠠ ︽ᠢᠳᠡᠬᠡᠮᠵᠢᠳᠦ ᠭᠠᠴᠠᠭ᠎ᠠ︾ ᠪᠠᠷ ᠦᠨᠡᠯᠡᠭᠳᠡᠭᠰᠡᠨ ᠨᠢ ᠵᠠᠯᠠᠭᠤ ᠮᠠᠯᠴᠢᠨ ᠤ ᠵᠤᠷᠢᠭ ᠢ ᠤᠯᠠᠮ ᠬᠦᠪᠴᠢᠯᠡᠭᠰᠡᠨ ᠪᠠᠶᠢᠨ᠎ᠠ᠃      ᠢᠳᠡᠬᠡᠮᠵᠢᠳᠦ ᠭᠠᠴᠠᠭ᠎ᠠ ᠪᠠᠷ ᠰᠤᠩᠭᠤᠭᠳᠠᠭᠰᠠᠨ ᠭᠠᠴᠠᠭᠠᠨ ᠤ ᠮᠠᠯᠴᠢᠳ ᠵᠢᠬᠡᠯᠡᠯᠬᠡ ᠠᠪᠬᠤ ᠳᠤ ᠢᠳᠡᠬᠡᠮᠵᠢᠳᠤ ᠭᠠᠴᠠᠭᠠᠨ ᠤ ᠬᠠᠷᠠᠭᠠᠯᠵᠠᠯ ᠢ ᠰᠢᠭᠤᠳ ᠬᠦᠷᠳᠡᠵᠤ ᠴᠢᠳᠠᠬᠤ ᠠᠴᠠ ᠭᠠᠳᠠᠨ᠎ᠠ ᠢᠳᠡᠬᠡᠮᠵᠢᠳᠤ ᠭᠠᠴᠠᠭ᠎ᠠ  ᠪᠠᠷ ᠦᠨᠡᠯᠡᠭᠳᠡᠭᠰᠡᠨ ᠭᠠᠴᠠᠭᠠᠨ ᠤ ᠮᠠᠯᠴᠢᠳ ᠲᠤ ᠵᠢᠬᠡᠯᠡᠯᠬᠡ ᠶᠢᠨ ᠬᠦᠤ ᠨᠤᠷᠮ᠎ᠠ ᠶᠢ ᠪᠤᠭᠤᠨᠢ ᠪᠤᠯᠭᠠᠬᠤ᠂ ᠵᠢᠬᠡᠯᠡᠯᠬᠡ  ᠶᠢᠨ ᠨᠤᠷᠮ᠎ᠠ ᠶᠢ ᠨᠡᠮᠡᠭᠳᠡᠬᠦᠯᠬᠦ ᠵᠡᠷᠬᠡ ᠬᠠᠷᠠᠭᠠᠯᠵᠠᠯ ᠢ ᠬᠦᠷᠳᠡᠬᠡᠵᠤ ᠪᠠᠶᠢᠨ᠎ᠠ᠃      ᠢᠳᠡᠬᠡᠮᠵᠢᠳᠦ ᠭᠠᠴᠠᠭ᠎ᠠ ᠲᠤᠰᠬᠤᠨ ᠢ ᠦᠨᠡᠯᠡᠬᠦ ᠳᠤ᠂ ᠲᠤᠰ ᠭᠠᠴᠠᠭ᠎ᠠ ᠲᠤᠰᠬᠤᠨ ᠤ ᠮᠠᠯᠴᠢᠨ ᠲᠠᠷᠢᠶᠠᠴᠢᠨ ᠢᠳᠡᠬᠡᠮᠵᠢ ᠶᠢᠨ ᠬᠤᠷᠰᠢᠶ᠎ᠠ ᠲᠠᠢ ᠲᠤᠬᠠᠶᠢᠯᠠᠭᠰᠠᠨ ᠠᠵᠢᠯ ᠤᠨ ᠶᠠᠪᠤᠯᠴᠠᠭ᠎ᠠ ᠶᠢ ᠦᠷᠬᠦᠯᠵᠢ ᠪᠠᠳᠤᠯᠠᠵᠤ 80%  ᠠᠴᠠ ᠲᠡᠬᠡᠭᠰᠢᠬᠢ ᠮᠠᠯᠴᠢᠨ ᠲᠠᠷᠢᠶᠠᠴᠢᠳ ᠵᠢᠬᠡᠯᠡᠯᠬᠡ ᠠᠪᠤᠭᠰᠠᠨ ᠪᠠᠶᠢᠬᠤ᠂ ᠡᠬᠡ ᠮᠦᠩᠬᠦ᠂ ᠬᠦᠤ ᠮᠦᠩᠬᠦ ᠪᠠᠨ ᠲᠤᠭᠳᠠᠭᠰᠠᠨ ᠴᠠᠭ ᠲᠠᠭᠠᠨ ᠪᠤᠴᠠᠭᠠᠵᠤ ᠦᠨᠳᠦᠷ ᠬᠦᠤ ᠲᠠᠢ ᠵᠢᠬᠡᠯᠡᠯᠬᠡ ᠶᠢᠨ ᠦᠭᠴᠡᠭᠡ ᠠᠪᠴᠠᠭ᠎ᠠ ᠦᠬᠡᠢ ᠪᠠᠶᠢᠬᠤ᠂ ᠵᠤᠭᠤᠰ ᠨᠠᠭᠠᠳᠬᠤ ᠦᠬᠡᠢ᠂ ᠠᠷᠢᠬᠢ ᠤᠤᠭᠤᠬᠤ ᠦᠬᠡᠢ ᠵᠡᠷᠬᠡ ᠨᠦᠬᠦᠴᠡᠯ ᠳᠤ ᠨᠡᠶᠢᠴᠡᠭᠰᠡᠨ ᠪᠠᠶᠢᠬᠤ ᠬᠡᠷᠡᠭᠳᠡᠢ᠃ ᠦᠥᠰᠢᠨ ᠬᠤᠰᠢᠭᠤ ᠤᠳᠤᠬᠠᠨ ᠳᠤ 12 ᠭᠠᠴᠠᠭ᠎ᠠ ᠲᠤᠰᠬᠤᠨ ᠢ ᠢᠳᠡᠬᠡᠮᠵᠢᠳᠦ ᠭᠠᠴᠠᠭ᠎ᠠ ᠲᠤᠰᠬᠤᠨ ᠢᠶᠠᠷ ᠦᠨᠡᠯᠡᠵᠤ᠂ 2020 ᠤᠨ ᠪᠤᠯᠬᠤ ᠳᠤ 61 ᠵᠠᠰᠠᠭ ᠵᠠᠬᠢᠷᠭᠠᠨ ᠤ ᠭᠠᠴᠠᠭ᠎ᠠ ᠲᠤᠰᠬᠤᠨ ᠳᠤ ᠢᠳᠡᠬᠡᠮᠵᠢᠳᠦ ᠭᠠᠴᠠᠭ᠎ᠠ ᠲᠤᠰᠬᠤᠨ ᠤ ᠠᠵᠢᠯ ᠢ ᠲᠦᠬᠡᠮᠡᠯᠵᠢᠬᠦᠯᠬᠦ ᠪᠠᠷ ᠪᠤᠢ᠃
 
ᠢᠷᠡᠯᠲᠡ᠄ ᠦᠣᠰᠢᠨ ᠬᠤᠰᠢᠭᠤᠨ ᠤ ᠷᠠᠳᠢᠤ᠋ ᠲᠧᠯᠸᠢᠰ ᠦᠢᠯᠡᠴᠢᠯᠡᠭᠡᠨ ᠤ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号