ᠤᠶᠢᠷ᠎ᠠ ᠳᠤ ︽ᠲᠤᠮᠳᠡᠳᠦ ᠤᠯᠤᠰ ᠤᠨ ᠡᠷᠬᠢᠯᠳᠡᠳᠦ ᠠᠵᠦ ᠠᠬᠤᠢ ᠶᠢᠨ ᠨᠡᠶᠢᠬᠡᠮᠯᠢᠭ︾ ᠠᠴᠠ ᠦᠪᠦᠷ | ᠮᠤᠩᠭᠤᠯ ᠤᠨ ᠾᠸᠡᠭ ᠱᠸᠡᠭ ᠤᠷᠴᠢᠨ ᠲᠤᠭᠤᠷᠢᠨ ᠤ ᠬᠠᠮᠠᠭᠠᠯᠠᠯᠳᠡ ᠶᠢᠨ ᠰᠢᠨᠵᠢᠯᠡᠬᠦ ᠮᠡᠷᠬᠡᠵᠢᠯ ᠤᠨ | ᠢᠨᠵᠧᠨᠧᠷᠢᠩ ᠤᠨ ᠬᠢᠵᠠᠭᠠᠷᠳᠦ ᠺᠤᠮᠫᠠᠨᠢ ᠪᠠ ᠰᠢ ᠠᠨ ᠤ ᠪᠠᠷᠢᠯᠭ᠎ᠠ ᠶᠢᠨ ᠰᠢᠨᠵᠢᠯᠡᠬᠦ ᠮᠡᠷᠬᠡᠵᠢᠯ ᠤᠨ ᠶᠡᠭᠡ | ᠰᠤᠷᠭᠠᠭᠤᠯᠢ ᠶᠢᠨ ᠬᠠᠮᠳᠤᠷᠠᠵᠤ ᠰᠤᠳᠤᠯᠤᠨ ᠨᠡᠬᠡᠬᠡᠭᠰᠡᠨ ᠴᠢᠯᠠᠭᠤᠨ ᠲᠤᠰᠤ ᠰᠢᠳᠠᠮᠠᠬᠠᠢ ᠬᠡᠢ ᠶᠢ ᠦᠷᠦᠮᠳᠡᠨ | ᠮᠠᠯᠳᠠᠬᠤ ᠶᠠᠪᠤᠴᠠ ᠳᠠᠬᠢ ᠬᠠᠶᠠᠭᠳᠠᠮᠠᠯ ᠢ ᠲᠦᠪᠯᠡᠷᠡᠬᠦᠯᠦᠨ ᠰᠢᠢᠳᠪᠦᠷᠢᠯᠡᠬᠦ ᠢᠨᠵᠧᠨᠧᠷᠢᠩ ᠳᠤ ᠮᠡᠷᠬᠡᠵᠢᠯ ᠤᠨ | ᠰᠢᠯᠭᠠᠨ ᠲᠤᠭᠳᠠᠭᠠᠯᠳᠡ ᠬᠢᠬᠦ ᠪᠠᠷ ᠲᠠᠮᠵᠢᠭᠠᠳ ᠡᠨᠡᠬᠦ ᠮᠡᠷᠬᠡᠵᠢᠯ ᠨᠢ ᠤᠯᠤᠰ ᠤᠨ ᠲᠡᠷᠢᠬᠦᠨ ᠤ ᠬᠢᠷᠢ ᠲᠦᠪᠰᠢᠨ ᠳᠤ | ᠬᠦᠷᠦᠭᠰᠡᠨ ᠢ ᠨᠤᠳᠠᠯᠠᠭᠰᠠᠨ ᠪᠠᠶᠢᠨ᠎ᠠ᠃ ᠲᠤᠰ ᠲᠦᠷᠦᠯ ᠵᠦᠢᠯ ᠨᠢ 2018 ᠣᠨ ᠤ ᠲᠤᠯᠤᠳᠤᠭᠠᠷ ᠰᠠᠷ᠎ᠠ ᠳᠤ | ᠠᠰᠢᠭᠯᠡᠯᠳᠡ ᠳᠤ ᠤᠷᠤᠵᠦ ᠶᠢᠰᠦᠳᠦᠬᠡᠷ ᠰᠠᠷ᠎ᠠ ᠳᠤ ᠤᠷᠴᠢᠨ ᠲᠤᠭᠤᠷᠢᠨ ᠤ ᠬᠠᠮᠠᠭᠠᠯᠠᠯᠳᠡ ᠶᠢᠨ ᠰᠢᠯᠭᠠᠨ | ᠬᠤᠷᠢᠶᠠᠯᠳᠡ ᠶᠢ ᠦᠡᠭᠭᠡᠷᠡᠬᠦᠯᠤᠨ ᠤᠯᠤᠰ ᠤᠨ ᠲᠤᠳᠤᠭᠠᠳᠦ ᠶᠢᠨ ᠠᠩᠬᠠᠳᠠᠭᠴᠢ ᠤᠷᠴᠢᠨ ᠲᠤᠭᠤᠷᠢᠨ ᠤ | ᠬᠠᠮᠠᠭᠠᠯᠠᠯᠳᠡ ᠶᠢᠨ ᠬᠢᠨᠡᠨ ᠦᠨᠡᠯᠡᠯᠳᠡ ᠶᠢᠨ ᠵᠦᠪᠰᠢᠶᠡᠷᠡᠯ ᠢ ᠤᠯᠤᠭᠰᠠᠨ ᠴᠢᠯᠠᠭᠤᠨ ᠲᠤᠰᠤ ᠪᠠᠶᠢᠭᠠᠯᠢ ᠶᠢᠨ | ᠰᠢᠳᠠᠮᠠᠬᠠᠢ ᠬᠡᠢ ᠶᠢ ᠦᠷᠦᠮᠳᠡᠨ ᠮᠠᠯᠳᠠᠬᠤ ᠶᠠᠪᠤᠴᠠ ᠳᠠᠬᠢ ᠬᠠᠶᠠᠭᠳᠠᠮᠠᠯ ᠢ ᠶᠡᠷᠦᠩᠬᠡᠶᠢᠯᠡᠨ ᠰᠢᠢᠳᠪᠤᠷᠢᠯᠠᠵᠤ ᠲᠠᠬᠢᠨ | ᠠᠰᠢᠭᠯᠠᠬᠤ ᠲᠦᠷᠦᠯ ᠵᠦᠢᠯ ᠪᠤᠯᠵᠠᠢ᠃ | ᠴᠢᠯᠠᠭᠤᠨ ᠲᠤᠰᠤ ᠪᠠᠶᠢᠭᠠᠯᠢ ᠶᠢᠨ ᠰᠢᠳᠠᠮᠠᠬᠠᠢ ᠬᠡᠢ ᠶᠢ ᠦᠷᠦᠮᠳᠡᠨ ᠮᠠᠯᠳᠠᠬᠤ ᠶᠠᠪᠤᠴᠠ ᠳᠠᠬᠢ ᠬᠠᠶᠠᠭᠳᠠᠮᠠᠯ | ᠪᠤᠳᠠᠰ ᠢ ᠶᠡᠷᠦᠩᠬᠡᠶᠢᠯᠡᠨ ᠰᠢᠢᠳᠪᠤᠷᠢᠯᠡᠵᠦ ᠲᠠᠬᠢᠨ ᠠᠰᠢᠭᠯᠠᠬᠤ ᠲᠦᠷᠦᠯ ᠵᠦᠢᠯ ᠨᠢ ᠰᠤᠪᠤᠷᠭ᠎ᠠ ᠶᠢᠨ ᠰᠢᠳᠠᠮᠠᠬᠠᠢ | ᠬᠡᠢ ᠶᠢᠨ ᠤᠷᠤᠨ ᠳᠠᠬᠢ ᠴᠢᠯᠠᠭᠤᠨ ᠲᠤᠰᠤ᠂ ᠰᠢᠳᠠᠮᠠᠬᠠᠢ ᠬᠡᠢ ᠶᠢ ᠦᠷᠦᠮᠳᠡᠨ ᠮᠠᠯᠳᠠᠬᠤ ᠠᠴᠠ ᠪᠤᠯᠵᠦ | ᠢᠯᠭᠠᠷᠠᠭᠤᠯᠵᠤ ᠭᠠᠷᠭᠠᠭᠰᠠᠨ ᠬᠠᠳᠠᠭᠤ ᠰᠢᠩᠬᠡᠨ ᠪᠠᠶᠠᠳᠦ ᠬᠠᠶᠠᠭᠳᠠᠮᠠᠯ ᠪᠤᠳᠠᠰ ᠢ ᠢᠯᠭᠠᠷᠠᠭᠤᠯᠤᠨ ᠰᠠᠯᠭᠠᠵᠦ | ᠬᠠᠶᠠᠭᠳᠠᠮᠠᠯ ᠪᠤᠳᠠᠰ ᠤᠨ ᠬᠤᠤᠷᠳᠠᠯ ᠪᠤᠬᠢᠷᠳᠦᠯ ᠢ ᠪᠦᠳᠦᠮᠵᠢᠳᠡᠢ ᠪᠠᠭᠠᠰᠬᠠᠵᠦ ᠴᠢᠳᠠᠬᠤ ᠶᠢᠨ ᠬᠠᠮᠳᠤ ᠢᠯᠭᠠᠷᠠᠭᠤᠯᠤᠨ | ᠭᠠᠷᠭᠠᠭᠰᠠᠨ ᠬᠠᠳᠠᠭᠤ ᠪᠠᠶᠠᠳᠦ ᠬᠠᠶᠠᠭᠳᠠᠮᠠᠯ ᠪᠤᠳᠠᠰ ᠢ ᠲᠠᠬᠢᠨ ᠪᠤᠯᠪᠠᠰᠤᠷᠠᠭᠤᠯᠵᠦ ᠵᠠᠰᠠᠮᠠᠯ ᠵᠠᠮ ᠲᠠᠪᠢᠰᠬᠦ ᠵᠡᠷᠬᠡ | ᠪᠠᠷᠢᠯᠭ᠎ᠠ ᠶᠢᠨ ᠠᠵᠢᠯ ᠳᠤ ᠭᠡᠷᠡᠭᠯᠡᠨ ᠰᠢᠩᠬᠡᠨ ᠪᠠᠶᠠᠳᠦ ᠬᠠᠶᠠᠭᠳᠠᠮᠠᠯ ᠪᠤᠳᠠᠰ ᠢ ᠪᠤᠯᠪᠠᠰᠤᠷᠠᠭᠤᠯᠵᠦ ᠢᠯᠭᠠᠷᠠᠭᠤᠯᠬᠤ | ᠪᠠᠷ ᠲᠠᠮᠵᠢᠭᠠᠳ ᠴᠡᠴᠡᠷᠯᠢᠭᠵᠢᠬᠦᠯᠤᠯᠳᠡ ᠨᠤᠭᠤᠭᠠᠷᠠᠭᠤᠯᠤᠯᠳᠡ ᠶᠢᠨ ᠤᠰᠤᠯᠡᠯᠳᠡ ᠳᠤ ᠬᠡᠷᠡᠭᠯᠡᠵᠦ ᠡᠳᠡᠬᠡᠷ | ᠬᠠᠶᠠᠭᠳᠠᠮᠠᠯ ᠪᠤᠳᠠᠰ ᠤᠨ ᠤᠷᠴᠢᠨ ᠲᠤᠭᠤᠷᠢᠨ ᠳᠤ ᠦᠵᠡᠬᠦᠯᠬᠦ ᠪᠤᠬᠢᠷᠳᠦᠯ ᠢ ᠪᠠᠭᠠᠰᠬᠠᠵᠦ ᠲᠡᠬᠢᠨ ᠠᠰᠢᠭᠯᠠᠬᠤ ᠶᠢ | ᠪᠡᠶᠡᠯᠡᠬᠦᠯᠬᠦ ᠪᠤᠯᠤᠨ᠎ᠠ᠃ | ᠰᠤᠪᠤᠷᠭ᠎ᠠ ᠶᠢᠨ ᠰᠢᠳᠠᠮᠠᠬᠠᠢ ᠬᠡᠢ ᠶᠢᠨ ᠤᠷᠤᠨ ᠤ ᠲᠦᠷᠦᠯ ᠵᠦᠢᠯ ᠤᠨ ᠨᠡᠬᠡᠬᠡᠯᠳᠡ ᠶᠢᠨ ᠤᠷᠤᠨ ᠨᠢ | ᠦᠤᠰᠢᠨ ᠬᠤᠰᠢᠭᠤ᠂ ᠤᠳᠤᠭ ᠬᠤᠰᠢᠭᠤ᠂ ᠤᠳᠤᠭ ᠤᠨ ᠡᠮᠤᠨᠡᠳᠦ ᠬᠤᠰᠢᠭᠤ᠂ ᠬᠠᠨᠭ᠍ᠬᠢᠨ ᠬᠤᠰᠢᠭᠤ ᠪᠠ ᠡᠵᠡᠨ | ᠬᠤᠷᠤᠭ᠎ᠠ ᠬᠤᠰᠢᠭᠤᠨ ᠳᠤ ᠪᠠᠶᠢᠷᠢᠯᠠᠵᠦ ᠡᠨᠡ ᠵᠢᠯ 1800 ᠭᠠᠷᠦᠢ ᠰᠢᠳᠠᠮᠠᠬᠠᠢ ᠬᠡᠢ ᠶᠢᠨ ᠬᠤᠳᠳᠤᠭ ᠮᠠᠯᠳᠠᠨ | ᠦᠤᠰᠢᠨ ᠬᠤᠰᠢᠭᠤᠨ ᠤ ᠬᠢᠵᠠᠭᠠᠷ ᠲᠤᠳᠤᠷ᠎ᠠ ᠨᠡᠶᠢᠳᠡ 800 ᠭᠠᠷᠦᠢ ᠰᠢᠳᠠᠮᠠᠬᠠᠢ ᠬᠡᠢ ᠶᠢᠨ ᠬᠤᠳᠳᠤᠭ ᠮᠠᠯᠳᠠᠵᠠᠢ᠃ | ᠡᠬᠦᠨ ᠳᠤ ᠬᠤᠳᠳᠤᠭ ᠪᠦᠷᠢ ᠠᠴᠠ ᠵᠢᠯ ᠳᠤ 650 ᠪᠤᠰᠤᠭ᠎ᠠ ᠲᠦᠷᠪᠡᠯᠵᠢᠨ ᠮᠧᠲᠷ ᠤᠨ ᠬᠠᠶᠠᠭᠳᠠᠮᠠᠯ ᠰᠢᠪᠡᠷ | ᠭᠠᠷᠴᠦ ᠤᠷᠳᠤ ᠬᠤᠭᠤᠴᠠᠭᠠᠨ ᠤ ᠲᠤᠷᠰᠢ ᠡᠶᠢᠮᠤᠷᠬᠦ ᠬᠠᠶᠠᠭᠳᠠᠮᠠᠯ ᠢ ᠭᠤᠤᠯᠳᠠᠭᠤ ᠤᠯᠠᠮᠵᠢᠯᠡᠯᠳᠦ ᠠᠷᠭ᠎ᠠ ᠪᠠᠷ ᠭᠠᠵᠡᠷ | ᠲᠤᠤᠷ᠎ᠠ ᠪᠤᠯᠠᠵᠦ ᠰᠢᠢᠳᠪᠦᠷᠢᠯᠡᠳᠡᠭ ᠠᠴᠠ ᠭᠠᠵᠡᠷ ᠲᠤᠤᠷᠠᠬᠢ ᠤᠰᠤ ᠪᠠ ᠬᠦᠷᠦᠰᠦ ᠰᠢᠷᠦᠢ ᠳᠤ ᠪᠦᠷ ᠵᠤᠬᠢᠬᠤ | ᠪᠤᠬᠢᠷᠳᠦᠯ ᠢ ᠡᠬᠦᠰᠬᠡᠭᠰᠡᠬᠡᠷ ᠢᠷᠡᠵᠡᠢ᠃ ᠡᠨᠡᠬᠦ ᠪᠠᠶᠢᠳᠠᠯ ᠢ ᠵᠤᠬᠢᠰᠳᠠᠢ ᠦᠬᠡᠷᠡᠴᠢᠯᠡᠬᠦ ᠶᠢᠨ ᠲᠦᠯᠦᠬᠡ ᠦᠪᠦᠷ | ᠮᠤᠩᠭᠤᠯ ᠤᠨ ᠾᠸᠡᠭ ᠱᠸᠡᠭ ᠤᠷᠴᠢᠨ ᠲᠤᠭᠤᠷᠢᠨ ᠤ ᠬᠠᠮᠠᠭᠠᠯᠠᠯᠳᠡ ᠶᠢᠨ ᠬᠢᠵᠠᠭᠠᠷᠳᠦ ᠺᠤᠮᠫᠠᠨᠢ᠂ ᠰᠤᠪᠤᠷᠭ᠎ᠠ ᠶᠢᠨ | ᠰᠢᠳᠠᠮᠠᠬᠠᠢ ᠬᠡᠢ ᠶᠢᠨ ᠤᠷᠤᠨ ᠤ ᠰᠢᠳᠠᠮᠠᠬᠠᠢ ᠬᠡᠢ ᠶᠢᠨ ᠪᠠᠶᠢᠷᠢᠰᠢᠯ ᠤᠨ ᠤᠨᠴᠠᠯᠢᠭ ᠢ ᠦᠨᠳᠦᠰᠦᠯᠡᠨ ᠠᠮᠢ ᠠᠬᠤᠢ | ᠬᠡᠪᠡᠷᠡᠭ ᠤᠷᠤᠨ ᠤ ᠴᠢᠯᠠᠭᠤᠨ ᠲᠤᠰᠤ ᠰᠢᠳᠠᠮᠠᠬᠠᠢ ᠬᠡᠢ ᠶᠢᠨ ᠪᠤᠬᠢᠷᠳᠦᠯ ᠢ ᠰᠡᠷᠬᠡᠶᠢᠯᠡᠨ ᠵᠠᠰᠠᠬᠤ ᠳᠤ ᠲᠤᠬᠢᠷᠠᠭᠰᠠᠨ | ᠰᠢᠨ᠎ᠠ ᠮᠡᠷᠬᠡᠵᠢᠯ ᠢ ᠰᠤᠳᠤᠯᠤᠨ ᠭᠠᠷᠭᠠᠵᠦ ᠴᠢᠯᠠᠭᠤᠨ ᠲᠤᠰᠤ ᠰᠢᠳᠠᠮᠠᠬᠠᠢ ᠬᠡᠢ ᠶᠢ ᠦᠷᠦᠮᠳᠡᠨ ᠮᠠᠯᠳᠠᠬᠤ ᠠᠴᠠ | ᠪᠤᠯᠵᠦ ᠭᠠᠷᠤᠭᠰᠠᠨ ᠬᠠᠶᠠᠭᠳᠠᠮᠠᠯ ᠢ ᠵᠢᠯ ᠳᠤ 32 ᠲᠦᠮᠡᠨ ᠪᠤᠰᠤᠭ᠎ᠠ ᠲᠦᠷᠪᠡᠯᠵᠢᠨ ᠮᠧᠲᠷ ᠰᠢᠢᠳᠪᠦᠷᠢᠯᠡᠵᠦ ᠲᠠᠶᠢᠯᠬᠦ | ᠲᠤᠰᠬᠠᠢ ᠢᠨᠵᠧᠨᠧᠷᠢᠩ ᠢ ᠪᠦᠳᠦᠬᠡᠨ ᠪᠠᠶᠢᠭᠤᠯᠤᠭᠰᠠᠨ ᠪᠠᠶᠢᠨ᠎ᠠ᠃ |