ᠦᠨᠳᠦᠰᠦᠳᠡᠨ ᠤ ᠤᠨᠴᠠᠯᠢᠭᠳᠤ ᠢᠳᠡᠬᠡᠨ ᠤ ᠦᠷᠬᠡᠨ ᠵᠠᠬ᠎ᠠ ᠶᠢ ᠨᠡᠬᠡᠬᠡᠬᠦ ᠪᠠᠷ ᠴᠢᠷᠮᠠᠶᠢᠵᠤ ᠶᠠᠪᠤᠭ᠎ᠠ ᠠᠯᠳ᠋ᠬᠠᠠᠭᠤᠯᠠ
ᠨᠡᠶᠢᠲᠡᠯᠡᠭᠰᠡᠨ ᠴᠠᠭ᠄
2019-01-03
      ᠴᠠᠭᠠᠨ ᠰᠠᠷ᠎ᠠ ᠲᠠᠮᠠᠭ᠎ᠠ ᠲᠠᠢ ᠪᠤᠭᠤᠷᠰᠤᠭ ᠢᠶᠠᠷ ᠢᠶᠠᠨ ᠲᠦᠷᠦᠯ ᠰᠠᠳᠤᠨ᠂ ᠨᠠᠶᠢᠵᠠ ᠨᠦᠬᠦᠳ ᠲᠡᠭᠡᠨ ᠠᠶᠢᠯᠴᠢᠯᠠᠨ ᠰᠢᠨ᠎ᠡ ᠶᠢᠨ ᠵᠤᠯᠭᠠᠯᠲᠠ ᠬᠢᠳᠡᠭ ᠨᠢ ᠤᠷᠳᠤᠰ ᠮᠤᠩᠭᠤᠯᠴᠤᠳ ᠤᠨ ᠤᠯᠠᠮᠵᠢᠯᠠᠯᠳᠤ ᠶᠤᠰᠤᠨ ᠪᠠᠶᠢᠵᠤ ᠴᠠᠭ ᠦᠶ᠎ᠡ ᠨᠡᠶᠢᠬᠡᠮ ᠤᠨ ᠬᠦᠭᠵᠢᠯᠲᠡ ᠶᠢ ᠲᠠᠭᠠᠯᠳᠤᠨ ᠡᠨᠡᠬᠦ ᠶᠤᠰᠤ ᠵᠠᠩᠰᠢᠯ ᠨᠢ ᠶᠠᠪᠤᠬᠤ ᠲᠤᠳᠤᠮ ᠲᠦᠬᠦᠮᠴᠢᠯᠡᠭᠳᠡᠬᠦ ᠲᠡᠰᠢ ᠬᠠᠨᠳᠤᠵᠠᠢ᠃ ᠦᠥᠰᠢᠨ ᠨᠤᠳᠤᠭᠳᠠᠢ ᠦᠢᠯᠡᠰ ᠪᠤᠰᠬᠠᠭᠴᠢ ᠵᠠᠯᠠᠭᠤ ᠠᠯᠳ᠋ᠬᠠᠠᠭᠤᠯᠠ ᠮᠤᠩᠭᠤᠯ ᠦᠨᠳᠤᠰᠤᠲᠡᠨ ᠤ ᠤᠯᠠᠮᠵᠢᠯᠠᠯᠳᠤ ᠵᠠᠩ ᠦᠢᠯᠡ ᠪᠠᠨ ᠤᠯᠠᠮᠵᠢᠯᠠᠨ ᠭᠦᠭᠵᠢᠭᠦᠯᠵᠤ ᠦᠪᠡᠷᠮᠢᠴᠡ ᠤᠨᠴᠠᠯᠢᠭ  ᠢ ᠳᠤᠪᠤᠶᠢᠯᠭᠠᠨ ᠦᠨᠳᠤᠰᠤᠲᠡᠨ ᠤ ᠪᠠᠨ ᠠᠵᠤ ᠦᠢᠯᠡᠰ ᠪᠠᠨ ᠴᠢᠨᠠᠭᠰᠢᠳᠠ ᠭᠦᠭᠵᠢᠭᠦᠯᠬᠦ ᠶᠢᠨ ᠲᠤᠰᠠᠳᠠ ᠲᠠᠮᠠᠭ᠎ᠠ  ᠲᠠᠢ ᠪᠤᠭᠤᠷᠰᠤᠭ ᠤᠨ ᠦᠨᠦᠷ ᠠᠮᠲᠠ ᠶᠢ ᠤᠯᠠᠨ ᠳᠠᠶᠠᠭᠠᠷ ᠤᠨ ᠳᠤᠷᠠᠰᠢᠯ ᠳᠤ ᠨᠡᠶᠢᠴᠡᠭᠦᠯᠵᠤ᠂ ᠪᠤᠭᠤᠳᠠᠯ ᠬᠠᠶᠢᠷᠴᠠᠭ ᠢ ᠨᠢ ᠰᠢᠨ᠎ᠡ ᠪᠠᠷ ᠵᠢᠷᠤᠭᠯᠠᠵᠤ ᠲᠦᠰᠤᠪᠯᠡᠨ ᠵᠠᠬ᠎ᠠ ᠳᠤ ᠭᠠᠷᠭᠠᠭᠠᠳ ᠬᠤᠤᠰ ᠠᠰᠢᠭ ᠡᠬᠦᠳᠦᠯ᠎ᠡ᠃      ᠠᠯᠳ᠋ᠬᠠᠠᠭᠤᠯᠠ ︽ᠲᠦᠯᠦ ᠲᠧᠭᠨᠢᠭ ᠮᠡᠷᠬᠡᠵᠢᠯ ᠤᠨ ᠬᠢᠵᠠᠭᠠᠷᠳᠤ ᠬᠠᠷᠢᠭᠤᠴᠠᠯᠭᠠᠳᠤ ᠺᠤᠮᠫᠠᠨᠢ︾ ᠶᠢ ᠡᠬᠦᠰᠬᠡᠨ ᠪᠠᠶᠢᠭᠤᠯᠵᠤ ᠰᠢᠨ᠎ᠡ ᠬᠡᠯᠪᠡᠷᠢ ᠶᠢᠨ ᠵᠠᠷ ᠮᠡᠳᠡᠬᠡᠨ ᠤ ᠦᠢᠯᠡᠰ ᠢ ᠡᠵᠡᠩᠨᠡᠬᠦ ᠲᠤᠮᠳᠠ ᠪᠠᠨ ᠤᠯᠠᠮᠵᠢᠯᠠᠯᠳᠤ ᠢᠳᠡᠬᠡᠨ ᠤ ᠠᠵᠤ ᠦᠢᠯᠡᠰ ᠤᠨ ᠭᠦᠭᠵᠢᠯᠲᠡ ᠳᠤ ᠰᠢᠨ᠎ᠡ ᠬᠤᠪᠢ ᠵᠢᠳᠬᠦᠯ ᠭᠠᠷᠭᠠᠬᠤ ᠪᠠᠷ ᠵᠤᠷᠢᠭ ᠰᠢᠭᠤᠳᠴᠤ᠂ ᠤᠷᠳᠤ ᠬᠤᠭᠤᠴᠠᠭᠠᠨ ᠤ ᠪᠠᠶᠢᠴᠠᠭᠠᠯᠳᠠ ᠪᠠᠷ ᠲᠠᠮᠵᠢᠭᠠᠳ ᠬᠠᠮᠤᠭ ᠤᠷᠢᠳᠠᠪᠠᠷ ᠤᠷᠳᠤᠰ ᠮᠤᠩᠭᠤᠯᠴᠤᠳ ᠤᠨ ᠤᠯᠠᠮᠵᠢᠯᠠᠯᠳᠤ ᠠᠷᠭ᠎ᠠ ᠪᠠᠷ ᠬᠢᠭᠰᠡᠨ ᠲᠠᠮᠠᠭ᠎ᠠ ᠲᠠᠢ ᠪᠤᠭᠤᠷᠰᠤᠭ ᠤᠨ ᠪᠤᠭᠤᠳᠠᠯ ᠪᠠᠭᠯᠠᠭ᠎ᠠ ᠶᠢ ᠰᠢᠨᠡᠴᠢᠯᠡᠬᠦ᠂ ᠪᠤᠭᠤᠷᠰᠤᠭ ᠤᠨ ᠬᠡᠮᠵᠢᠶ᠎ᠡ ᠶᠢ ᠤᠯᠠᠨ ᠶᠠᠩᠵᠤᠴᠢᠯᠠᠬᠤ᠂ ᠪᠤᠭᠤᠷᠰᠤᠭ ᠤᠨ ᠲᠦᠷᠦᠯ ᠢ ᠡᠯᠪᠡᠭᠵᠢᠬᠦᠯᠬᠦ ᠵᠡᠷᠬᠡ ᠰᠦᠪᠡᠭᠴᠢᠯᠡᠯᠳᠡ ᠪᠠᠷ ᠪᠡᠯᠡᠭ ᠰᠡᠯᠳᠠ ᠬᠦᠷᠬᠡᠬᠦ᠂ ᠠᠪᠴᠤ ᠶᠠᠪᠤᠬᠤ ᠳᠤ ᠲᠦᠬᠦᠮ᠂ ᠦᠨᠦᠷ ᠠᠮᠳᠠ ᠶᠢ ᠨᠢ ᠤᠯᠠᠨ ᠳᠠᠶᠠᠭᠠᠷ ᠤᠨ ᠳᠤᠷᠠᠰᠢᠯ  ᠳᠤ ᠨᠡᠶᠢᠴᠡᠭᠦᠯᠵᠤ ᠴᠢᠳᠠᠭᠰᠠᠨ ᠠᠴᠠ ᠳᠡᠭᠦᠨ ᠤ ᠤᠯᠠᠮᠵᠢᠯᠠᠯᠲᠤ ᠠᠷᠭ᠎ᠠ ᠪᠠᠷ ᠬᠢᠭᠰᠡᠨ ᠲᠠᠮᠠᠭ᠎ᠠ ᠲᠠᠢ ᠪᠤᠭᠤᠷᠰᠤᠭ ᠤᠨ ᠵᠠᠬ᠎ᠠ ᠳᠡᠯᠭᠡᠭᠦᠷ ᠲᠠᠬᠢ ᠪᠤᠷᠤᠯᠠᠭᠤᠯᠤᠯᠲᠠ ᠨᠢ ᠰᠠᠶᠢᠵᠢᠷᠠᠭᠰᠠᠨ ᠪᠠᠶᠢᠨ᠎ᠠ᠃      ᠮᠠᠨ ᠤ ᠬᠤᠰᠢᠭᠤ ᠤᠶᠢᠷ᠎ᠠ ᠶᠢᠨ ᠵᠢᠯ ᠠᠴᠠ ᠠᠯᠳ᠋ᠬᠠᠠᠭᠤᠯᠠ ᠰᠢᠭ᠋ ᠦᠢᠯᠡᠰ ᠪᠦᠳᠦᠬᠡᠬᠦ ᠬᠦᠰᠡᠯ ᠲᠠᠢ ᠤᠶᠤᠳᠠᠳ ᠲᠤ ᠠᠯᠪᠠᠯᠠᠬᠤ ᠤᠷᠤᠨ ᠬᠡᠷ᠂ ᠲᠤᠨᠤᠭ ᠲᠦᠬᠦᠬᠡᠷᠦᠮᠵᠢ ᠲᠦᠯᠦᠪᠤᠷᠢ ᠦᠬᠡᠢ ᠬᠠᠩᠭᠠᠬᠤ᠂ ᠲᠤᠰᠬᠠᠢ ᠪᠤᠯᠪᠠᠰᠤᠷᠠᠯ ᠬᠦᠷᠳᠡᠬᠡᠬᠦ᠂ ᠪᠤᠷᠤᠯᠠᠭᠤᠯᠭ᠎ᠠ ᠶᠢᠨ ᠠᠷᠭ᠎ᠠ ᠵᠠᠮ ᠰᠦᠪᠡᠭᠴᠢᠯᠠᠵᠤ ᠦᠭᠬᠦ ᠵᠡᠷᠬᠡ ᠨᠢᠬᠡ ᠰᠢᠷᠢᠰ ᠦᠢᠯᠡᠰ ᠪᠦᠳᠦᠬᠡᠯᠳᠡ ᠶᠢᠨ ᠨᠦᠬᠦᠴᠡᠯ ᠢ ᠲᠠᠰᠤᠷᠠᠯᠳᠠ ᠦᠬᠡᠢ ᠪᠦᠷᠢᠯᠳᠦᠬᠦᠯᠦᠨ ᠦᠭᠬᠦᠭᠰᠡᠨ ᠠᠴᠠ ᠵᠤᠷᠢᠭ ᠨᠦᠬᠦᠴᠡᠯ ᠪᠦᠷᠢᠯᠳᠤᠵᠤ ᠠᠯᠳ᠋ᠬᠠᠠᠠᠭᠤᠯᠠ ᠶᠢᠨ ᠮᠠᠨᠢ ᠦᠢᠯᠡᠰ ᠪᠦᠳᠦᠬᠡᠯᠳᠡ ᠨᠡᠩ ᠢᠯᠭᠤᠮ ᠤᠷᠤᠭᠰᠢᠳᠠᠢ ᠪᠤᠯᠤᠯ᠎ᠠ᠃ ᠨᠠᠮ ᠵᠠᠰᠠᠭ ᠤᠨ ᠡᠨᠡ ᠰᠠᠶᠢᠬᠠᠨ ᠲᠦᠷᠦ ᠶᠢᠨ ᠪᠤᠳᠤᠯᠭ᠎ᠠ ᠳᠠᠭᠠᠨ ᠰᠠᠭᠤᠷᠢᠯᠠᠵᠤ ᠠᠯᠳ᠋ᠬᠠᠠᠭᠤᠯᠠ ᠲᠤᠤ ᠪᠤᠤ ᠰᠦᠯᠵᠢᠶ᠎ᠡ  ᠪᠠᠷ ᠪᠤᠷᠤᠯᠠᠭᠤᠯᠬᠤ᠂ ᠸᠠᠶᠢᠴᠠᠲ ᠪᠠᠷ ᠪᠤᠷᠤᠯᠠᠭᠤᠯᠬᠤ᠂ ᠤᠷᠤᠯᠠᠨ ᠪᠤᠷᠤᠯᠠᠭᠤᠯᠤᠭᠴᠢ ᠡᠯᠰᠡᠬᠦ ᠵᠡᠷᠬᠡ ᠠᠷᠭ᠎ᠠ ᠪᠠᠷᠢᠯ ᠢ ᠠᠰᠢᠭᠯᠠᠵᠤ ᠲᠠᠮᠠᠭ᠎ᠠ ᠲᠠᠢ ᠪᠤᠭᠤᠷᠰᠤᠭ ᠤᠨ ᠪᠤᠷᠤᠯᠠᠭᠤᠯᠭ᠎ᠠ ᠪᠠᠨ ᠠᠭᠠᠵᠢᠮ ᠢᠶᠠᠷ ᠪᠦᠬᠦ ᠤᠯᠤᠰ ᠤᠨ ᠵᠠᠬ᠎ᠠ ᠳᠡᠯᠭᠡᠭᠦᠷ ᠲᠡᠰᠢ ᠦᠷᠭᠡᠳᠬᠡᠭᠦ ᠪᠠᠷ ᠴᠢᠷᠮᠠᠶᠢᠵᠤ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠷᠠᠳᠢᠤ᠋ ᠲᠧᠯᠸᠢᠰ ᠦᠢᠯᠡᠴᠢᠯᠡᠭᠡᠨ ᠤ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号