ᠭᠡᠷ ᠢᠶᠠᠨ ᠲᠣᠯᠭᠠᠭᠤᠷᠢᠯᠠᠵᠣ ᠶᠠᠪᠣᠭ᠎ᠠ ᠴᠢᠳᠠᠯ ᠲᠠᠢ ᠪᠥᠰᠡᠬᠦᠢ — ᠣᠯᠠᠭᠠᠠᠭᠡᠷᠡᠯ
ᠨᠡᠶᠢᠲᠡᠯᠡᠭᠰᠡᠨ ᠴᠠᠭ᠄
2019-01-03
     ᠡᠨᠡ ᠵᠢᠯ 56 ᠨᠠᠰᠣᠠ ᠤ ᠲᠠᠪᠠᠭ᠎ᠠ ᠶᠢ ᠲᠠᠪᠠᠵᠣ ᠶᠠᠪᠣᠭ᠎ᠠ ᠣᠯᠠᠭᠠᠠᠭᠡᠷᠡᠯ ᠪᠣᠯ ᠥᠣᠰᠢᠨ ᠬᠤᠰᠢᠭᠤᠠ ᠤ ᠪᠠᠶᠠᠠᠭᠤᠣᠯ ᠭᠠᠴᠠᠭ᠎ᠠ ᠶᠢᠨ ᠮᠠᠯᠴᠢᠨ ᠪᠠᠶᠢᠵᠣ᠂ ᠮᠥᠨ ᠴᠥ ︽ᠨᠢᠭᠡ ᠭᠡᠷ ᠤᠨ ᠢᠶᠠᠨ ᠲᠣᠯᠭᠠᠭᠤᠷᠢ ᠬᠥᠴᠥᠨ︾ ᠨᠢ ᠪᠣᠯᠬᠤ ᠶᠣᠮ᠂ 20 ᠭᠠᠷᠣᠢ ᠵᠢᠯ ᠤᠨ ᠲᠣᠷᠰᠢ ᠲᠡᠷᠡ ᠵᠥᠭᠡᠯᠡᠡ ᠪᠠᠭᠤᠷᠠᠢ ᠬᠤᠣᠰ ᠮᠥᠷᠥᠠ ᠲᠡᠭᠡᠷ᠎ᠡ ᠪᠠᠨ ᠬᠠᠯᠠ ᠵᠣᠪᠠᠯᠠᠩ ᠠᠮᠰᠠᠵᠣ ᠪᠥᠬᠦᠢ ᠭᠡᠷ ᠤᠨ ᠢᠶᠠᠨ ᠬᠥᠡᠳᠥ ᠡᠭᠦᠷᠭᠡ ᠶᠢ ᠡᠭᠦᠷᠭᠡᠯᠡᠡ᠂ ᠨᠢᠭᠡᠡ ᠶᠠᠳᠠᠭᠤ ᠬᠥᠴᠢᠷᠳᠡᠯᠳᠡᠢ ᠭᠡᠷ ᠪᠥᠯᠢ ᠶᠢᠨ ᠠᠮᠢᠳᠣᠷᠠᠬᠤ ᠭᠥᠰᠡᠯ ᠡᠷᠡᠮᠡᠯᠵᠡᠯ ᠪᠣᠯᠣᠠ ᠥᠭᠡᠳᠡᠯᠡᠬᠦ ᠰᠥᠰᠥ ᠵᠣᠷᠢᠬ ᠢ ᠬᠥᠪᠴᠢᠯᠡᠭᠰᠡᠡ ᠪᠠᠶᠢᠨ᠎ᠠ᠃ ᠬᠤᠪᠢ ᠲᠠᠪᠢᠯᠠᠩ ᠣᠯᠠᠭᠠᠠᠭᠡᠷᠡᠯ ᠢ ᠱᠣᠭᠯᠠᠭᠰᠠᠠ ᠴᠥ ᠮᠠᠭᠠᠳ᠂ ᠣᠣᠯ ᠳᠠᠭᠠᠨ ᠲᠡᠷᠡ ᠵᠣᠯ ᠵᠢᠷᠭᠠᠯᠳᠠᠢ ᠭᠡᠷ ᠪᠥᠯᠢ ᠪᠠᠶᠢᠵᠠᠢ᠂ ᠡᠷ᠎ᠡ ᠨᠥᠭᠦᠷ ᠨᠢ ᠭᠡᠷ ᠡᠷᠥᠭᠡ ᠠᠴᠠ ᠪᠠᠨ ᠰᠠᠯᠵᠣ ᠶᠠᠪᠣᠭᠰᠠᠠ ᠠᠴᠠ ᠡᠨᠡ ᠠᠶᠢᠯ ᠢ ᠣᠷᠠᠩᠬᠠᠢ ᠲᠠᠰᠣᠷᠬᠠᠢ ᠪᠣᠯᠭᠠᠠ ᠬᠤᠪᠢᠷᠠᠭᠤᠯᠣᠭᠰᠠᠠ ᠪᠢᠯᠠ᠃ 20 ᠵᠢᠯ ᠤᠨ ᠡᠮᠥᠨ᠎ᠡ ᠣᠯᠠᠭᠠᠠᠭᠡᠷᠡᠯ ᠤᠨ ᠡᠷ᠎ᠡ ᠨᠥᠬᠦᠷ ᠨᠢ ᠵᠢᠭᠠᠰᠣᠠ ᠴᠥᠬᠦᠷᠥᠮ ᠮᠠᠯᠳᠠᠵᠣ ᠲᠡᠵᠢᠭᠡᠡ ᠥᠷᠡᠵᠢᠭᠦᠯᠥᠯᠳᠡ ᠬᠢᠵᠥ᠂ ᠮᠡᠷᠭᠡᠵᠢᠯ ᠡᠵᠡᠮᠰᠢᠭᠰᠡᠨ ᠥᠭᠡᠢ ᠠᠴᠠ ᠪᠣᠯᠵᠣ ᠬᠥᠡᠳᠥ ᠬᠤᠬᠢᠷᠠᠯ ᠳᠤ ᠤᠴᠠᠷᠠᠵᠤ᠂ ᠭᠡᠷ ᠪᠥᠯᠢ ᠨᠢ ᠥᠷᠢ ᠰᠢᠷᠢᠨ ᠳᠤ ᠲᠠᠷᠣᠭᠳᠠᠵᠣ᠂ ᠡᠳᠥᠷ ᠪᠥᠷᠢ ᠦᠷᠢ ᠶᠢᠨ ᠡᠵᠡᠨ ᠭᠡᠷ ᠲᠤᠨᠢ ᠢᠷᠡᠵᠥ ᠥᠷᠢ ᠨᠡᠭᠡᠭᠡᠬᠦ ᠪᠣᠯᠣᠭᠰᠠᠠ ᠪᠠᠶᠢᠨ᠎ᠠ᠃ ᠠᠮᠢᠳᠣᠷᠠᠯ ᠤᠨ ᠲᠣᠰᠠᠯᠠᠮᠵᠢ ᠥᠭᠡᠢ ᠪᠣᠯᠣᠭᠰᠠᠠ ᠪᠠᠶᠢᠳᠠᠯ ᠲᠣᠣᠷ᠎ᠠ ᠡᠷ᠎ᠡ ᠨᠥᠬᠦᠷ ᠨᠢ ᠨᠢᠭᠡᠨ ᠥᠷᠯᠥᠭᠡ ᠡᠷᠳᠡ ᠬᠡᠯᠡᠭᠰᠡᠡ ᠴᠥ ᠥᠭᠡᠢ ᠪᠠᠷ ᠰᠡᠮᠡᠭᠡᠷ ᠶᠠᠪᠣᠭᠠᠳ ᠣᠳᠣ ᠪᠣᠯᠳᠠᠯ᠎ᠠ ᠰᠣᠷᠠᠭ ᠴᠢᠮᠡᠭᠡ ᠥᠭᠡᠢ ᠪᠠᠶᠢᠭᠰᠠᠭᠠᠷ᠃ ᠡᠭᠦᠨ ᠠᠴᠠ ᠬᠤᠶᠢᠰᠢ ᠬᠤᠶᠠᠷ ᠬᠡᠥᠭᠡᠳ ᠢ ᠬᠠᠷᠠᠭᠠᠯᠵᠠᠠ ᠥᠰᠭᠡᠬᠦ ᠬᠥᠡᠳᠥ ᠡᠭᠦᠷᠭᠡ ᠣᠯᠠᠭᠠᠠᠭᠡᠷᠡᠯ ᠤᠨ ᠮᠥᠷᠥᠨ ᠲᠡᠭᠡᠷ᠎ᠡ ᠲᠣᠬᠤᠭᠳᠠᠭᠰᠠᠠ ᠪᠠᠶᠢᠨ᠎ᠠ᠃
           ︽ᠣᠷᠣᠭᠯᠠᠭᠰᠠᠠ ᠤ ᠲᠠᠷᠠᠭ᠎ᠠ᠂ ᠪᠢ ᠴᠥ ᠰᠠᠶᠢᠨ ᠰᠠᠶᠢᠬᠠᠠ ᠠᠮᠢᠳᠣᠷᠠᠯ ᠢ ᠬᠥᠰᠡᠡ ᠡᠷᠡᠮᠡᠯᠵᠡᠵᠥ ᠥᠡᠭᠭᠡᠷᠡᠵᠡᠢ ᠂ ᠲᠡᠷᠡ ᠶᠠᠪᠣᠭᠰᠠᠠ ᠤ ᠲᠠᠷᠠᠭ᠎ᠠ ᠡᠳᠥᠷ ᠪᠥᠷᠢ ᠥᠷᠢ ᠨᠡᠭᠡᠭᠰᠡᠡ ᠬᠥᠮᠥᠨ ᠪᠤᠯᠤᠨ ᠶᠠᠳᠠᠭᠤᠷᠠᠵᠣ ᠲᠦᠢᠯᠳᠠᠭᠰᠠᠠ ᠭᠡᠷ ᠲᠠᠢ ᠨᠢᠭᠤᠷᠳᠠᠵᠣ᠂ ᠲᠡᠭᠷᠢ ᠣᠨᠠᠵᠣ ᠭᠠᠵᠠᠷ ᠶᠡᠭᠦᠷᠡᠭᠰᠡᠡ ᠮᠡᠳᠥ ᠰᠠᠨᠠᠭᠳᠠᠵᠣ᠂ ᠵᠣᠪᠠᠨᠢᠬᠤ ᠶᠢᠨ ᠲᠦᠢᠯ ᠳᠤ ᠬᠥᠷᠥᠭᠰᠡᠡ ᠪᠢᠯᠠ᠃ ᠭᠡᠪᠡᠴᠥ ᠬᠤᠶᠠᠷ ᠬᠡᠥᠭᠡᠳ ᠢᠶᠠᠨ ᠥᠵᠡᠭᠡᠳ ᠪᠢ ᠲᠣᠳᠣᠷ᠎ᠠ ᠪᠠᠨ ᠭᠡᠳᠥᠢ ᠵᠣᠪᠠᠵᠣ ᠵᠥᠳᠡᠷᠡᠭᠰᠡᠡ ᠴᠥ ᠡᠨᠡ ᠭᠡᠷ ᠢᠶᠠᠨ ᠲᠣᠯᠭᠠᠭᠤᠷᠢᠯᠠᠠ ᠠᠪᠴᠥ᠂ ᠭᠠᠭᠴᠠ ᠬᠦ ᠬᠤᠶᠠᠷ ᠬᠡᠥᠬᠡᠳ ᠢᠶᠠᠨ ᠡᠷᠡᠭᠦᠯ ᠢᠶᠠᠷ ᠥᠰᠭᠡᠡ ᠪᠤᠶᠢᠵᠢᠭᠤᠯᠴᠢᠬᠠᠪᠠᠯ ᠪᠣᠯᠴᠢᠬᠠᠨ᠎ᠠ ᠭᠡᠵᠥ ᠲᠣᠳᠣᠷ᠎ᠠ ᠪᠠᠨ ᠪᠣᠳᠣᠭᠰᠠᠠ ᠶᠤᠮ︾ ᠭᠡᠵᠥ ᠲᠡᠷᠡ ᠥᠶ᠎ᠡ ᠶᠢᠨ ᠥᠪᠡᠷ ᠤᠨ ᠬᠥᠴᠢᠷ ᠵᠣᠪᠠᠭᠤᠷᠢ ᠲᠠᠢ ᠠᠮᠢᠳᠣᠷᠠᠯ ᠢᠶᠠᠨ ᠲᠣᠷᠠᠳᠬᠤ ᠲᠠᠢ ᠵᠡᠷᠭᠡ ᠣᠯᠠᠭᠠᠠᠭᠡᠷᠡᠯ ᠨᠢᠳᠥᠨ ᠳᠡᠭᠡᠨ ᠵᠠᠶᠢᠷ ᠬᠥᠢᠯᠭᠡᠨ᠎ᠡ᠃ ᠥᠷᠢ ᠰᠢᠷᠢ ᠳᠤ ᠲᠠᠷᠣᠭᠳᠠᠭᠠᠳ ᠥᠡᠳᠡᠶᠢᠵᠥ ᠲᠡᠶᠢᠯᠬᠦ ᠥᠭᠡᠢ ᠪᠣᠯᠣᠭᠰᠠᠠ ᠭᠡᠷ ᠪᠦᠯᠢ ᠪᠣᠯᠣᠠ ᠬᠤᠶᠠᠷ ᠬᠡᠥᠭᠡᠳ ᠲᠡᠭᠡᠨ ᠬᠠᠨᠳᠣᠬᠤ ᠳᠠᠭᠠᠨ ᠣᠯᠠᠭᠠᠠᠭᠡᠷᠡᠯ ᠭᠡᠷ ᠢᠶᠠᠨ ᠣᠷᠬᠢᠵᠣ ᠬᠠᠶᠠᠭᠰᠠᠠ ᠥᠭᠡᠢ᠂ ᠲᠡᠷᠡ ᠥᠪᠡᠷ ᠢ ᠪᠠᠨ ᠵᠠᠪᠠᠯ ᠵᠣᠷᠢᠭᠳᠠᠢ ᠪᠠᠶᠢᠬᠤ ᠭᠡᠷᠡᠭᠳᠡᠢ ᠭᠡᠵᠥ ᠵᠣᠷᠢᠬᠵᠢᠭᠤᠯᠵᠣ᠂ ᠪᠣᠢ ᠪᠥᠬᠦᠢ ᠬᠥᠴᠥᠨ ᠴᠢᠳᠠᠯ ᠪᠣᠯᠣᠠ ᠬᠠᠶᠢᠷ᠎ᠠ ᠬᠠᠯᠠᠮᠵᠢ ᠪᠠᠨ ᠵᠠᠷᠣᠴᠠᠭᠤᠯᠣᠠ ᠬᠤᠶᠠᠷ ᠬᠡᠥᠭᠡᠳ ᠢᠶᠠᠨ ᠬᠠᠷᠠᠭᠠᠯᠵᠠᠠ ᠥᠰᠭᠡᠡ ᠪᠤᠶᠢᠵᠢᠭᠤᠯᠬᠤ ᠪᠠᠷ ᠬᠥᠴᠥᠯᠡᠡ ᠴᠢᠷᠮᠠᠶᠢᠵᠡᠢ᠂ ᠡᠬᠦᠨ ᠢᠶᠠᠨ ᠲᠡᠷᠡ ᠵᠠᠪᠠᠯ ᠬᠥᠢᠴᠡᠳᠭᠡᠬᠦ ᠡᠭᠦᠷᠭᠡ ᠬᠠᠷᠢᠭᠤᠴᠠᠯᠭ᠎ᠠ ᠪᠣᠯᠭᠠᠭᠰᠠᠠ ᠮᠥᠷᠳᠡᠭᠡᠡ ᠨᠡᠩ ᠴᠥ ᠥᠪᠡᠷ ᠤᠨ ᠬᠢᠨᠢ ᠪᠠᠳᠣ ᠰᠠᠬᠢᠯᠳᠠ ᠪᠣᠯᠣᠨ᠎ᠠ ᠭᠡᠵᠥ ᠥᠵᠡᠵᠥ ᠪᠠᠶᠢᠯ᠎ᠠ᠃            ᠬᠤᠶᠠᠷ ᠬᠡᠥᠭᠡᠳ ᠢᠶᠠᠨ ᠥᠰᠭᠡᠡ ᠪᠤᠶᠢᠵᠢᠭᠤᠯᠵᠥ ᠬᠥᠮᠥᠨ ᠤ ᠵᠡᠷᠭᠡ ᠳᠤ ᠬᠥᠷᠭᠡᠵᠥ᠂ ᠨᠢᠭᠡ ᠭᠡᠷ ᠤᠨ ᠢᠶᠠᠨ ᠠᠮᠢᠳᠣᠷᠠᠯ ᠢ ᠪᠠᠳᠣᠯᠠᠠ᠂ ᠡᠷᠳᠡᠭᠡᠡ ᠥᠷᠢ ᠰᠢᠷᠢ ᠠᠴᠠ ᠪᠠᠨ ᠰᠠᠯᠬᠤ ᠶᠢᠨ ᠲᠥᠯᠥᠭᠡ ᠣᠯᠠᠭᠠᠠᠭᠡᠷᠡᠯ ᠨᠢᠯᠪᠣᠰᠥ ᠪᠠᠨ ᠠᠷᠴᠢᠵᠣ᠂ ᠵᠣᠪᠠᠨᠢᠯ ᠢᠶᠠᠨ ᠰᠡᠳᠭᠢᠯ ᠤᠨ ᠬᠥᠨ ᠳᠡᠭᠡᠨ ᠨᠢᠭᠤᠵᠣ᠂ ᠡᠨᠡ ᠬᠦ ᠬᠡᠮᠬᠡᠷᠡᠮᠡᠷ ᠪᠣᠯᠣᠭᠰᠠᠠ ᠭᠡᠷ ᠪᠦ᠋ᠯᠢ ᠪᠠᠨ ᠲᠣᠯᠭᠠᠭᠤᠷᠢᠯᠠᠠ ᠠᠪᠬᠤ ᠪᠠᠷ ᠬᠥᠴᠥᠯᠡᠡ ᠠᠵᠢᠯᠯᠠᠭᠰᠠᠠ ᠪᠠᠶᠢᠨ᠎ᠠ᠃            ᠣᠯᠠᠭᠠᠠᠭᠡᠷᠡᠯ ᠠᠶᠢᠯ ᠠᠶᠢᠮᠠᠬ ᠤᠨ ᠢᠶᠠᠨ ᠮᠠᠯ ᠢ ᠠᠳᠣᠭᠤᠯᠠᠬᠤ᠂ ᠡᠪᠡᠰᠥ ᠶᠢ ᠨᠢ ᠠᠷᠴᠢᠬᠤ᠂ ᠡᠷᠳᠡᠨᠢ ᠰᠢᠰᠢ ᠮᠥᠯᠢᠬᠦ᠂ ᠲᠠᠷᠢᠶᠠᠠ ᠠᠵᠢᠯ ᠬᠢᠬᠦ ᠪᠠᠷ ᠲᠠᠮᠵᠢᠠ ᠨᠢᠮᠭᠡᠡ ᠣᠷᠣᠯᠭ᠎ᠠ ᠣᠯᠳᠠᠭ ᠪᠠᠶᠢᠨ᠎ᠠ᠃ ᠲᠡᠷᠡ ᠬᠡᠯᠡᠬᠦ ᠳᠡᠭᠡᠨ᠄ ︽ᠲᠡᠳᠡᠭᠡᠷ ᠵᠢᠯ ᠤᠳ ᠲᠤ ᠥᠷᠢ ᠰᠢᠷᠢ ᠠᠷᠪᠢᠨ ᠠᠴᠠ ᠪᠣᠯᠵᠣ᠂ ᠴᠠᠭᠠᠠ ᠰᠠᠷ᠎ᠠ ᠬᠥᠷᠴᠥ ᠢᠷᠡᠬᠦ ᠪᠣᠯᠭᠠᠠ ᠡᠷᠥᠭᠡ ᠪᠣᠯᠭᠠᠠ ᠠᠴᠠ ᠥᠡᠭᠭᠡᠳᠥ ᠳ᠋ᠸᠡᠭ ᠬᠡᠷᠡᠯᠳᠥᠵᠥ᠂ ᠭᠡᠷ ᠬᠤᠳᠠᠯᠠᠭᠠᠷ ᠢᠶᠠᠨ ᠴᠣᠭᠯᠠᠷᠠᠠ ᠠᠭᠤᠯᠵᠠᠵᠣ ᠪᠠᠶᠠᠷᠯᠠᠯᠳᠣᠵᠣ ᠪᠠᠶᠢᠬᠤ ᠥᠶ᠎ᠡ ᠳᠤ ᠮᠠᠠ ᠤ ᠭᠡᠷ ᠤᠨ ᠬᠢᠨ ᠰᠢᠨᠡᠯᠡᠬᠦ ᠪᠠᠷᠠᠭ᠎ᠠ ᠠᠪᠬᠤ ᠵᠣᠭᠤᠰ ᠴᠥ ᠪᠠᠶᠢᠬᠤ ᠥᠭᠡᠢ᠂ ᠬᠤᠶᠠᠷ ᠬᠡᠥᠭᠡᠳ ᠲᠠᠢ ᠪᠠᠨ ᠭᠤᠷᠪᠠᠭᠤᠯᠠ ᠮᠥᠨ ᠵᠢᠯ ᠴᠠᠭᠠᠠ ᠰᠠᠷ᠎ᠠ ᠪᠠᠨ ᠴᠥ ᠪᠠᠶᠠᠷ ᠬᠥᠷ ᠲᠠᠢ ᠥᠡᠭᠭᠡᠷᠡᠭᠦᠯᠵᠥ ᠲᠡᠶᠢᠯᠬᠦ ᠥᠭᠡᠢ᠂ ᠥᠨᠡᠭᠡᠷ ᠬᠥᠴᠢᠷ ᠤᠨ ᠲᠦᠢᠯ ᠳᠤ ᠬᠥᠷᠴᠥ ᠪᠠᠶᠢᠵᠠᠢ︾ ᠭᠡᠵᠥ ᠪᠠᠶᠢᠯ᠎ᠠ᠃            2008 ᠣᠠ ᠳᠤ ᠲᠡᠷᠡ ᠪᠠᠶᠢᠭᠠᠯᠢ ᠶᠢᠨ ᠰᠢᠳᠠᠮᠠᠬᠠᠢ ᠬᠡᠢ ᠶᠢ ᠬᠠᠶᠢᠨ ᠰᠢᠡᠵᠢᠯᠡᠬᠦ ᠨᠡᠭᠡᠭᠡᠡ ᠬᠥᠭᠵᠢᠭᠦᠯᠥᠯᠳᠡ ᠶᠢᠨ ᠺᠣᠮᠫᠠᠨᠢ ᠠᠴᠠ ᠥᠪᠡᠷ ᠤᠨ ᠬᠢᠨᠢ ᠪᠡᠯᠴᠢᠭᠡᠷ ᠲᠡᠭᠡᠷ᠎ᠡ ᠬᠤᠳᠳᠤᠭ ᠥᠷᠥᠮᠳᠡᠭᠰᠡᠡ ᠨᠥᠬᠦᠪᠥᠷᠢ ᠵᠣᠭᠤᠰ ᠢᠶᠠᠷ ᠢᠶᠠᠨ 20 ᠭᠠᠭ᠋ᠠᠢ ᠶᠢᠨ ᠵᠣᠯᠵᠠᠭ᠎ᠠ ᠬᠤᠳᠠᠯᠳᠣᠠ ᠠᠪᠴᠥ ᠲᠡᠵᠢᠭᠡᠵᠥ᠂ ᠥᠷᠯᠥᠭᠡ ᠡᠷᠳᠡᠯᠡᠡ ᠪᠣᠰᠴᠣ ᠬᠠᠷᠠᠩᠭᠤᠢ ᠪᠣᠯᠳᠠᠯ᠎ᠠ ᠪᠠᠨ ᠠᠵᠢᠯᠯᠠᠵᠣ᠂ ᠢᠳᠡᠵᠥ ᠡᠮᠥᠰᠬᠦ ᠪᠠᠨ ᠠᠷᠪᠢᠯᠠᠠ᠂ ᠬᠤᠨᠵᠢᠵᠣ ᠠᠪᠴᠢᠷᠠᠭᠰᠠᠠ ᠵᠣᠭᠤᠰ ᠢᠶᠠᠨ ᠨᠢᠭᠡ ᠪᠥᠯᠥᠭ ᠢ ᠨᠢ ᠬᠤᠶᠠᠷ ᠬᠡᠥᠭᠡᠳ ᠤᠨ ᠪᠢᠴᠢᠭ ᠥᠵᠡᠬᠦ ᠶᠢ ᠬᠠᠨᠭ᠍ᠭᠠᠵᠣ᠂ ᠨᠢᠭᠡ ᠪᠥᠯᠥᠭ ᠢ ᠨᠢ ᠣᠣᠯ ᠤᠨ ᠥᠷᠢᠳᠥᠭᠰᠡᠡ ᠵᠣᠭᠤᠰ ᠢ ᠬᠤᠯᠠᠭᠰᠠᠠ ᠪᠠᠶᠢᠨ᠎ᠠ᠃ ᠴᠢᠷᠮᠠᠶᠢᠯᠭ᠎ᠠ ᠬᠥᠮᠥᠨ ᠢ ᠭᠤᠮᠣᠳᠠᠭᠠᠳᠠᠭ ᠥᠭᠡᠢ ᠭᠡᠳᠡᠭ ᠢᠶᠠᠷ 2016 ᠣᠠ ᠳᠤ ᠣᠣᠯ ᠤᠨ ᠪᠣᠢ ᠪᠥᠬᠦᠢ ᠥᠷᠢ ᠰᠢᠷᠢ ᠪᠠᠨ ᠲᠤᠭ᠎ᠠ ᠶᠣᠰᠣᠭᠠᠷ ᠪᠥᠬᠦᠨ ᠢ ᠲᠥᠯᠥᠭᠰᠡᠡ ᠪᠠᠶᠢᠨ᠎ᠠ᠃             ᠬᠥᠮᠥᠰ ᠣᠯᠠᠭᠠᠠᠭᠡᠷᠡᠯ ᠢ ᠠᠮᠢᠳᠣᠷᠠᠯ ᠨᠢ ᠬᠥᠴᠢᠷᠳᠡᠯᠳᠡᠢ ᠬᠡᠵᠥ ᠬᠡᠯᠡᠬᠦ ᠪᠣᠯᠭᠠᠠ ᠲᠡᠷᠡ ᠵᠥᠪᠬᠡᠡ ᠵᠣᠪᠠᠭᠤᠷᠢ ᠲᠠᠢ ᠢᠨᠢᠶᠡᠮᠰᠥᠭᠯᠡᠡ᠄ ︽ᠡᠵᠢ ᠪᠣᠯᠣᠭᠰᠠᠠ ᠤ ᠬᠤᠪᠢ ᠳᠤ ᠥᠪᠡᠷ ᠤᠨ ᠬᠡᠥᠭᠡᠳ ᠢᠶᠠᠨ ᠬᠠᠮᠢᠶᠠᠷᠴᠣ ᠬᠠᠷᠠᠭᠠᠯᠵᠠᠬᠤ ᠥᠭᠡᠢ ᠪᠠᠶᠢᠵᠣ ᠪᠣᠯᠬᠤ ᠥᠭᠡᠢ ᠪᠠ︕ ᠪᠢ ᠥᠪᠡᠷ ᠢᠶᠠᠨ ᠪᠠᠭ᠋ᠠᠠ ᠬᠥᠴᠢᠷᠳᠡᠯ ᠵᠥᠳᠡᠷᠡᠯ ᠠᠮᠰᠠᠭᠰᠠᠠ ᠴᠥ ᠬᠠᠮᠢᠶ᠎ᠠ ᠥᠭᠡᠢ᠂ ᠬᠤᠶᠠᠷ ᠭᠡᠥᠭᠡᠳ ᠢᠶᠠᠨ ᠬᠠᠷᠠᠭᠠᠯᠵᠠᠵᠣ ᠥᠰᠭᠡᠭᠡᠳ ᠬᠥᠮᠥᠨ ᠤ ᠵᠡᠷᠭᠡ ᠳᠤ ᠬᠥᠷᠭᠡᠴᠢᠭᠡᠪᠡᠯ ᠪᠢ ᠮᠥᠨ ᠰᠡᠳᠬᠢᠯ ᠬᠠᠨᠣᠮᠵᠢᠳᠠᠢ ᠪᠣᠯᠴᠢᠬᠠᠨ᠎ᠠ︾ ᠭᠡᠵᠥ ᠬᠡᠯᠡᠳᠡᠭ᠃             2016 ᠣᠠ ᠤ ᠡᠬᠢᠨ ᠳᠤ ᠣᠯᠠᠭᠠᠠᠭᠡᠷᠡᠯ ᠤᠨ ᠬᠢᠨ ᠳᠤ ᠶᠠᠳᠠᠭᠤ ᠬᠥᠴᠢᠷᠳᠡᠯᠳᠥ ᠡᠷᠥᠭᠡ ᠶᠢᠨ ᠺᠠᠷᠲ ᠲᠠᠢ ᠲᠠᠩᠰᠠ ᠡᠪᠭᠡᠮᠡᠯ ᠪᠠᠶᠢᠭᠤᠯᠵᠣ ᠥᠭᠬᠦ ᠪᠠᠷ ᠲᠣᠭᠳᠠᠭᠠᠭᠰᠠᠠ ᠪᠠᠶᠢᠨ᠎ᠠ᠃ ᠲᠣᠰᠬᠤᠠ ᠳᠤ ᠰᠠᠭᠤᠵᠣ ᠬᠠᠪᠰᠣᠷᠣᠠ ᠲᠡᠳᠬᠦᠬᠦ ᠪᠠᠶᠢᠭᠤᠯᠭ᠎ᠠ ᠨᠢᠭᠡᠴᠢ ᠪᠣᠯᠣᠠ ᠬᠤᠯᠪᠣᠭᠠᠯᠠᠠ ᠬᠠᠪᠰᠣᠷᠴᠣ ᠲᠡᠳᠬᠦᠬᠦ ᠨᠠᠮ ᠤᠨ ᠭᠡᠰᠢᠭᠦᠨ ᠺᠠᠳ᠋ᠷ ᠨᠡᠷ ᠠᠴᠠ ᠣᠯᠠᠭᠠᠠᠭᠡᠷᠡᠯ ᠤᠨ ᠭᠡᠷ ᠤᠨ ᠪᠠᠶᠢᠳᠠᠯ ᠢ ᠣᠢᠢᠯᠠᠭᠠᠭᠰᠠᠠ ᠤ ᠲᠠᠷᠠᠭ᠎ᠠ ᠣᠯᠠᠠ ᠣᠳᠠᠭ᠎ᠠ ᠲᠡᠳᠡᠡ ᠤ ᠳᠤ ᠬᠥᠷᠴᠥ ᠰᠡᠳᠬᠢᠯ ᠢᠶᠠᠨ ᠰᠣᠯᠢᠯᠴᠠᠵᠣ᠂ ᠲᠥᠷᠥ ᠶᠢᠨ ᠪᠣᠳᠣᠯᠭ᠎ᠠ ᠶᠢ ᠣᠬᠠᠭᠤᠯᠬᠤ᠂ ᠡᠷᠡᠭᠡᠯᠵᠡᠭᠡ ᠶᠢ ᠨᠢ ᠠᠯᠳᠠᠷᠠᠭᠠᠬᠤ ᠪᠠᠷ ᠲᠠᠮᠵᠢᠭᠤᠯᠣᠠ ᠶᠠᠳᠠᠭᠤ ᠶᠢ ᠲᠡᠳᠬᠦᠬᠦ ᠲᠥᠯᠥᠪᠯᠡᠭᠡ ᠶᠢ ᠵᠥᠪᠳᠡᠯᠴᠡᠡ᠂ ᠶᠠᠳᠠᠭᠤ ᠠᠴᠠ ᠠᠩᠬᠢᠵᠢᠷᠠᠭᠤᠯᠬᠤ ᠠᠷᠭ᠎ᠠ ᠬᠡᠮᠵᠢᠶ᠎ᠡ ᠶᠢ ᠬᠠᠮᠳᠣ ᠪᠠᠷ ᠰᠥᠪᠡᠭᠴᠢᠯᠡᠡ᠂ ᠶᠠᠳᠠᠭᠤ ᠠᠴᠠ ᠠᠩᠭᠢᠵᠢᠷᠠᠭᠤᠯᠬᠤ ᠪᠣᠭᠤᠮᠳᠠ ᠰᠢᠪᠳᠣᠯᠬᠤ ᠲᠠᠶᠢᠯᠠᠯᠳᠣᠭᠠᠠ ᠢ ᠬᠠᠮᠳᠣ ᠪᠠᠷ ᠰᠠᠶᠢᠳᠣᠷ ᠬᠢᠭᠰᠡᠡ ᠪᠠᠶᠢᠨ᠎ᠠ᠃            ᠣᠯᠠᠭᠠᠠᠭᠡᠷᠡᠯ ᠪᠣᠯ ᠬᠠᠷᠢᠭᠤᠴᠠᠯᠭ᠎ᠠ ᠲᠠᠢ᠂ ᠵᠣᠷᠢᠬᠳᠠᠢ ᠡᠭᠦᠷᠭᠡᠯᠡᠡ ᠠᠪᠳᠠᠭ ᠬᠥᠮᠥᠨ ᠶᠣᠮ᠂ ᠲᠣᠰᠬᠤᠠ ᠳᠤ ᠰᠠᠭᠤᠭ᠎ᠠ ᠠᠵᠢᠯᠯᠠᠬᠤ ᠠᠩᠭᠢ ᠲᠡᠳᠡᠡ ᠤ ᠬᠢᠨ ᠳᠤ ᠬᠥᠷᠴᠥ ᠶᠠᠳᠠᠭᠤ ᠶᠢ ᠲᠡᠳᠬᠦᠬᠦ ᠲᠥᠷᠥ ᠶᠢᠨ ᠪᠣᠳᠣᠯᠭ᠎ᠠ ᠶᠢ ᠣᠬᠠᠭᠤᠯᠬᠤ ᠥᠶ᠎ᠡ ᠳᠤ ᠲᠡᠷᠡ ᠥᠪᠡᠷ ᠢ ᠪᠠᠨ ᠵᠥᠪᠬᠡᠡ ᠵᠠᠰᠠᠭ ᠤᠨ ᠣᠷᠳᠣᠠ ᠤ ᠲᠡᠮᠵᠢᠯᠭᠡ ᠳᠤ ᠲᠥᠰᠢᠭᠯᠡᠵᠥ ᠪᠣᠯᠬᠤ ᠥᠭᠡᠢ᠂ ᠬᠠᠰᠢᠯᠠ ᠥᠪᠡᠷ ᠤᠨ ᠬᠥᠳᠡᠯᠮᠥᠷᠢ ᠳᠡᠭᠡᠨ ᠲᠥᠰᠢᠭᠯᠡᠵᠥ ᠶᠠᠳᠠᠭᠤ ᠠᠴᠠ ᠠᠩᠭᠢᠵᠢᠷᠠᠠ ᠴᠢᠨᠡᠭᠡᠯᠢᠭᠵᠢᠭᠦ ᠶᠢ ᠪᠡᠶᠡᠯᠡᠭᠦᠯᠬᠦ ᠴᠢᠬᠤᠯᠠᠳᠠᠢ ᠭᠡᠳᠡᠭ ᠢ ᠮᠡᠳᠡᠷᠡᠭᠰᠡᠡ ᠪᠠᠶᠢᠨ᠎ᠠ᠃ ᠥᠪᠡᠷ ᠤᠨ ᠴᠢᠷᠮᠠᠶᠢᠯᠭ᠎ᠠ ᠪᠣᠯᠣᠠ ᠲᠠᠭᠠᠭᠠᠴᠢᠯᠠᠠ ᠲᠡᠳᠬᠦᠬᠦ ᠺᠠᠳ᠋ᠷ ᠤᠨ ᠬᠠᠪᠰᠣᠷᠣᠠ ᠲᠡᠳᠭᠦᠭᠦ ᠪᠠᠷ ᠲᠠᠮᠵᠢᠭᠤᠯᠣᠠ ᠣᠯᠠᠭᠠᠠᠭᠡᠷᠡᠯ ᠠᠵᠣ ᠥᠢᠯᠡᠰ ᠠᠴᠠ ᠲᠡᠳᠬᠦᠨ ᠲᠡᠮᠵᠢᠭᠰᠡᠡ 1 ᠥᠨᠢᠶ᠎ᠡ᠂ 2 ᠲᠣᠭᠤᠯ ᠢᠶᠠᠨ ᠲᠡᠵᠢᠭᠡᠡ ᠥᠷᠡᠵᠢᠭᠦᠯᠥᠭᠡᠳ ᠡᠳᠥᠭᠡ 9 ᠥᠭᠡᠷ ᠪᠣᠯᠣᠠ ᠥᠰᠴᠥ᠂ ᠪᠠᠰᠠ ᠨᠢᠭᠡ ᠪᠥᠯᠥᠭ ᠬᠤᠨᠢ ᠬᠤᠳᠠᠯᠳᠣᠠ ᠠᠪᠴᠡᠢ᠂ ᠨᠢᠳᠣᠨᠣᠠ ᠪᠠᠭ᠎ᠠ ᠬᠥᠥ ᠨᠠᠷᠠᠰᠣ ᠨᠢ ᠴᠥ ᠲᠡᠭᠡᠭᠡᠪᠥᠷᠢ ᠶᠢᠨ ᠠᠵᠢᠯ ᠢ ᠡᠬᠢᠯᠡᠡ ᠬᠢᠵᠥ᠂ ᠭᠡᠷ ᠪᠥᠯᠢ ᠶᠢᠨ ᠠᠮᠢᠳᠣᠷᠠᠯ ᠪᠣᠯᠣᠠ ᠬᠤᠶᠠᠷ ᠬᠡᠥᠭᠡᠳ ᠤᠨ ᠬᠢᠨ ᠤ ᠥᠢᠯᠡᠰ ᠴᠥ ᠠᠯᠬᠤᠮ ᠠᠯᠬᠤᠮ ᠢᠶᠠᠷ ᠥᠭᠡᠳᠡᠯᠡᠭᠰᠡᠡ ᠪᠠᠶᠢᠨ᠎ᠠ᠃            ︽ᠮᠢᠨᠥ ᠡᠵᠢ ᠥᠨᠡᠡ ᠠᠮᠠᠷ ᠥᠭᠡᠢ᠂ ᠲᠡᠷᠡ ᠶᠡᠷᠥ ᠠᠴᠠ ᠪᠠᠨ ᠨᠢᠭᠡ ᠰᠠᠨᠠᠭ᠎ᠠ ᠠᠮᠣᠷ ᠯᠠᠪᠳᠠᠭᠤᠠ ᠣᠠᠳᠠᠵᠣ ᠠᠮᠠᠷᠠᠵᠣ ᠥᠡᠭᠭᠡᠷᠡᠭᠰᠡᠡ ᠥᠭᠡᠢ᠂ ᠠᠵᠢᠯ ᠳᠠᠭᠠᠨ ᠪᠥᠳᠥᠨ ᠡᠳᠥᠷ ᠢᠶᠠᠷ ᠶᠠᠭᠠᠷᠠᠵᠣ᠂ ᠵᠠᠷᠢᠮ ᠳᠠᠭᠠᠨ ᠱᠠᠹᠠ ᠲᠡᠭᠡᠷ᠎ᠡ ᠰᠠᠭᠤᠪᠠᠯ ᠣᠠᠳᠠᠴᠢᠬᠠᠳᠠᠭ᠃ ᠣᠳᠣ ᠠᠬ᠎ᠠ ᠪᠢᠳᠠ ᠬᠤᠶᠠᠭᠤᠯᠠ ᠴᠥᠮ ᠰᠠᠶᠢᠳᠣᠷ ᠠᠵᠢᠯᠯᠠᠵᠣ᠂ ᠰᠠᠶᠢᠨ ᠠᠮᠢᠳᠣᠷᠠᠵᠣ᠂ ᠡᠵᠢ ᠳᠤ ᠪᠠᠨ ᠪᠣᠶᠠᠠ ᠡᠳ᠋ᠯᠡᠬᠦᠯᠥᠶ᠎ᠡ ᠭᠡᠵᠥ ᠪᠣᠳᠣᠵᠣ ᠪᠠᠶᠢᠨ᠎ᠠ︾ ᠭᠡᠵᠥ ᠪᠠᠭ᠎ᠠ ᠬᠥᠥ ᠨᠠᠷᠠᠰᠣ ᠨᠢ ᠶᠠᠷᠢᠨ᠎ᠠ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号