ᠮᠡᠨ ᠤ ᠬᠤᠰᠢᠭᠤᠨ ᠤ ᠢᠷᠠᠭᠤ ᠨᠠᠶᠢᠷᠠᠭᠴᠢᠳ ᠠᠮᠠᠨ ᠰᠢᠯᠥᠭ ᠤᠨ ᠰᠣᠶᠣᠯ ᠢᠶᠠᠨ ᠤᠯᠠᠮᠵᠢᠯᠠᠨ ᠬᠦᠭᠵᠢᠭᠦᠯᠵᠦ ᠪᠠᠶᠢᠨ᠎ᠠ
ᠨᠡᠶᠢᠲᠡᠯᠡᠭᠰᠡᠨ ᠴᠠᠭ᠄
2019-01-04
      ᠣᠯᠠᠮᠵᠢᠯᠠᠯᠳᠣ ᠠᠮᠠᠨ ᠰᠢᠯᠣᠭ᠌ ᠤᠨ ᠰᠣᠶᠣᠯ ᠢ ᠤᠯᠠᠮᠵᠢᠯᠠᠨ ᠭᠦᠭᠵᠢᠭᠦᠯᠭᠦ ᠶᠢᠨ ᠲᠤᠰᠠᠳᠠ ᠣᠶᠢᠷ᠎ᠠ ᠶᠢᠨ ᠡᠳᠣᠷ᠂ ᠦᠤᠰᠢᠨ ᠬᠤᠰᠢᠭᠤᠨ ᠤ ᠠᠮᠠᠨ ᠰᠢᠯᠥᠭᠴᠢᠳ ᠢᠶᠠᠷ ᠪᠦᠷᠢᠯᠳᠣᠭ᠍ᠰᠡᠨ ︽ᠨᠤᠳᠤᠭ ᠤᠶᠠᠩᠭ᠎ᠠ︾ ᠬᠤᠯᠪᠤᠭᠠᠨ  ᠤ ᠬᠢᠨ ᠰᠢᠨ᠎ᠠ ᠤᠨ ᠢᠶᠠᠨ ᠤᠭᠳᠤᠬᠤ ᠠᠵᠢᠯᠯᠠᠭ᠎ᠠ ᠦᠷᠨᠢᠬᠦᠯᠣᠨ ᠰᠤᠨᠢᠨ ᠰᠡᠳᠭᠦᠯ ᠳᠤ ᠠᠷᠪᠢᠨ ᠰᠢᠯᠥᠭ ᠳᠠᠭᠤᠣ᠂ ᠠᠮᠠᠨ ᠰᠢᠯᠣᠭ᠌ ᠨᠠᠶᠢᠳᠡᠯᠡᠭᠰᠡᠨ ᠰᠢᠯᠥᠭᠴᠢᠳ ᠪᠣᠯᠣᠨ ᠠᠬᠠᠮᠠᠳ ᠦᠶ᠎ᠡ ᠶᠢᠨ ᠠᠮᠠᠨ ᠰᠢᠯᠥᠭᠴᠢᠳ ᠢ ᠱᠠᠩᠨᠠᠨ ᠬᠦᠬᠢᠭᠦᠯᠵᠣ‌ᠤᠷᠠᠮᠰᠢᠭᠤᠯᠤᠨ ᠵᠤᠷᠢᠭᠵᠢᠭᠤᠯᠵᠠᠢ᠃      ᠬᠤᠰᠢᠭᠤ ᠲᠠᠰ ᠤᠨ ᠠᠮᠠᠨ ᠰᠢᠯᠥᠭ ᠤᠨ ᠰᠣᠶᠣᠯ ᠤᠨ ᠦᠪᠯᠡᠨ ᠵᠠᠯᠭᠠᠮᠵᠢᠯᠠᠭᠴᠢ ᠵᠠᠩᠭᠠᠪᠠᠭᠠᠳᠣᠷ ᠠᠬᠠᠮᠠᠳ ᠨᠢᠭᠡ ᠦᠶ᠎ᠡ ᠶᠢᠨ ᠬᠢᠨ ᠤ ᠨᠦᠯᠥᠭᠡ ᠠᠴᠠ 15 ᠨᠠᠰᠤᠨ ᠠᠴᠠ ᠡᠬᠢᠯᠡᠨ ᠠᠮᠠᠨ ᠰᠢᠯᠥᠭ ᠣᠷᠣᠯᠳᠣᠨ ᠨᠡᠯᠢᠶᠠᠳ ᠤᠯᠠᠨ ᠠᠮᠠᠨ ᠰᠢᠯᠣᠭ᠌ ᠤᠨ ᠪᠦᠳᠤᠭᠡᠯ ᠭᠠᠷᠭᠠᠭᠰᠠᠨ ᠤ ᠬᠠᠮᠳᠣ ᠪᠠᠰᠠ ︽ᠭᠠᠯᠠᠭᠤᠳᠤ ᠶᠢᠨ ᠤᠶᠠᠩᠭ᠎ᠠ︾ ᠭᠡᠭᠦ ᠠᠮᠠᠨ ᠰᠢᠯᠥᠭ ᠤᠨ ᠨᠣᠮ ᠢ ᠡᠮᠬᠢᠳᠭᠡᠨ ᠭᠡᠪᠯᠡᠬᠦᠯᠵᠣ ᠠᠮᠠᠨ ᠰᠢᠯᠣᠭ᠌ ᠤᠨ ᠰᠣᠶᠣᠯ ᠢ ᠢᠳᠡᠪᠬᠢᠳᠡᠢ ᠵᠠᠯᠭᠠᠮᠵᠢᠯᠠᠨ ᠶᠠᠪᠣᠨ᠎ᠠ᠃      ᠵᠠᠩᠭᠠᠪᠠᠭᠠᠳᠤᠷ᠄ ︽ᠦᠤᠰᠢᠨ ᠠᠷᠡᠳ ᠤᠨ ᠠᠮᠠᠨ ᠰᠢᠯᠥᠭ ᠪᠤᠯ ᠲᠡᠭᠡᠳᠤ ᠵᠠᠭᠤᠨ ᠠᠴᠠ 21 ᠳ᠋ᠤᠭᠡᠷ ᠵᠠᠭᠤᠨ ᠬᠦᠷᠳᠡᠯ᠎ᠡ ᠬᠠᠷᠢᠴᠠᠩᠭᠤᠢ ᠪᠠᠭᠤᠷᠠᠬᠤ ᠵᠦᠭ ᠤᠷᠤᠭᠤ ᠤᠷᠤᠭᠰᠠᠨ᠂ ᠡᠨᠡᠭᠦ ᠪᠠᠶᠢᠳᠠᠯ ᠢ ᠦᠨᠳᠤᠰᠤᠯᠠᠵᠤ ᠦᠤᠰᠢᠨ ᠤ  ᠬᠢᠨ ᠠᠷᠡᠳ ᠤᠨ ᠠᠮᠠᠨ ᠰᠢᠯᠥᠭ ᠢ ᠠᠪᠤᠷᠠᠨ ᠬᠠᠮᠠᠭᠠᠯᠠᠬᠤ ᠵᠣᠷᠢᠯᠭ᠎ᠠ ᠠᠴᠠ 2017 ᠤᠨ ᠳᠤ ︿ᠨᠤᠳᠤᠭ ᠤᠶᠠᠩᠭ᠎ᠠ﹀ ᠭᠡᠭᠦ ᠮᠠᠯᠴᠢᠨ ᠰᠢᠯᠥᠭᠴᠢᠳ ᠤᠨ ᠬᠤᠯᠪᠤᠭ᠎ᠠ ᠶᠢ ᠪᠠᠶᠢᠭᠤᠯᠤᠭᠰᠠᠨ ᠶᠤᠮ᠃ ᠤᠴᠢᠷ ᠨᠢ ᠠᠷᠡᠳ ᠤᠨ ᠠᠮᠠᠨ ᠰᠢᠯᠥᠭ ᠭᠡᠳᠡᠭ ᠨᠢ ᠶᠠᠮᠠᠷ ᠴᠤ ᠲᠤᠰᠬᠠᠢ ᠵᠤᠬᠢᠶᠠᠯᠴᠢ᠂ ᠲᠤᠰᠬᠠᠢ ᠰᠤᠶᠤᠯᠳᠠᠨ ᠵᠤᠬᠢᠶᠠᠳᠠᠭ ᠪᠢᠰᠢ ᠬᠠᠷᠢᠨ ᠮᠠᠯᠴᠢᠨ ᠠᠷᠠᠳ ᠴᠦ ᠵᠤᠬᠢᠶᠠᠴᠢᠬᠠᠳᠠᠭ ᠵᠦᠢᠯ ᠪᠤᠯᠬᠤ ᠶᠤᠮ︾ ᠭᠡᠵᠤ ᠶᠠᠷᠢᠯ᠎ᠠ᠃      ᠵᠠᠯᠠᠭᠤ ᠢᠷᠠᠭᠤ ᠨᠠᠶᠢᠷᠠᠭᠴᠢ ᠨᠠᠴᠤᠭᠳᠤᠷᠵᠢ 1998 ᠤᠨ ᠠᠴᠠ ᠡᠬᠢᠯᠡᠵᠤ ᠨᠤᠳᠤᠭ ᠤᠨ ᠠᠬᠠᠮᠠᠳ ᠠᠮᠠᠨ ᠰᠢᠯᠥᠭᠴᠢᠳ ᠠᠴᠠ ᠠᠮᠠᠨ ᠰᠢᠯᠥᠭ ᠤᠨ ᠬᠡᠪ ᠨᠠᠮᠪᠡ᠂ ᠣᠨᠴᠠᠯᠢᠭ ᠢ ᠰᠣᠷᠣᠯᠴᠠᠨ ᠬᠠᠳᠠᠭᠤᠵᠢᠯᠳᠠᠢ ᠤᠷᠤᠯᠳᠤᠯᠭ᠎ᠠ ᠬᠢᠵᠣ ︽ᠨᠡᠭᠦᠳᠡᠯ ᠤᠨ ᠬᠢᠷᠠᠭᠤ︾ ᠭᠡᠭᠦ ᠠᠮᠠᠨ ᠰᠢᠯᠥᠭ ᠤᠨ ᠲᠡᠭᠦᠪᠤᠷᠢ ᠪᠠᠨ ᠭᠡᠪᠯᠡᠭᠦᠯᠵᠦ᠂ ᠠᠮᠠᠨ ᠰᠢᠯᠥᠭ ᠤᠨ ᠰᠣᠶᠣᠯ ᠤᠨ ᠵᠠᠯᠠᠭᠤ ᠦᠶ᠎ᠠ ᠶᠢᠨ ᠵᠠᠯᠭᠠᠮᠵᠢᠯᠠᠭᠴᠢ ᠶᠢᠨ ᠨᠢᠬᠡ ᠨᠢ ᠪᠣᠯᠪᠠ᠃ ︽ᠤᠳᠣ ᠵᠠᠯᠠᠭᠤᠴᠤᠳ ᠲᠤ ᠠᠪᠴᠤ ᠭᠡᠯᠡᠪᠡᠯ ᠠᠮᠠᠨ ᠰᠢᠯᠥᠭ ᠢ ᠤᠩᠰᠢᠬᠤ ᠰᠤᠨᠢᠷᠬᠠᠯ ᠲᠠᠢ ᠬᠦᠮᠦᠨ ᠲᠤᠩ ᠴᠦᠭᠡᠨ ᠪᠤᠯᠵᠠᠢ᠃ ᠡᠨᠡ ᠡᠭᠦᠳᠡᠨ ᠠᠴᠠ ᠪᠢ ᠠᠮᠠᠨ ᠰᠢᠯᠥᠭ ᠢ ᠬᠦᠮᠦᠰ ᠲᠤ ᠤᠯᠠᠮᠵᠢᠯᠠᠶ᠎ᠠ᠂ ᠵᠠᠯᠠᠭᠤ ᠬᠦᠮᠦᠨ ᠪᠤᠯᠤᠭᠰᠠᠨ ᠤ ᠬᠤᠪᠢ ᠳᠤ ᠤᠷᠤᠯᠳᠤᠵᠤ ᠦᠵᠡᠶ᠎ᠡ ᠭᠡᠳ ᠠᠮᠠᠨ ᠰᠢᠯᠥᠭ ᠢ ᠤᠷᠤᠯᠳᠤᠭᠰᠠᠨ ᠶᠤᠮ᠃ ᠠᠮᠠᠨ ᠰᠢᠯᠥᠭ ᠤᠨ ᠲᠤᠬᠠᠢ ᠪᠢ ᠴᠤ ᠤᠶᠢᠯᠠᠭᠠᠮᠵᠢ ᠪᠠᠷᠤᠭᠳᠠᠢ ᠪᠠᠶᠢᠭᠰᠠᠨ᠂ ᠨᠠᠰᠤᠳᠠᠢ ᠪᠤᠶᠠᠨᠳᠠᠢ ᠪᠤᠭᠤᠷᠤᠯᠴᠤᠳ ᠠᠴᠠ ᠠᠮᠠᠨ ᠰᠢᠯᠥᠭ ᠢ ᠶᠠᠭᠠᠬᠢᠵᠤ ᠪᠢᠴᠢᠳᠡᠭ ᠲᠤᠬᠠᠢ᠂ ᠶᠠᠭᠠᠬᠢᠵᠤ ᠤᠩᠰᠢᠵᠤ ᠬᠦᠮᠦᠨ ᠳᠤ ᠤᠯᠠᠮᠵᠢᠯᠠᠬᠤ ᠲᠤᠬᠠᠢ ᠠᠷᠪᠢᠨ ᠰᠤᠷᠠᠵᠤ ᠮᠡᠳᠡᠯᠭᠡ ᠬᠤᠷᠠᠮᠳᠤᠭᠤᠯᠵᠤ ᠪᠠᠶᠢᠨ᠎ᠠ︾ ᠭᠡᠮᠡᠨ ᠨᠠᠴᠤᠭᠳᠤᠷᠵᠢ ᠶᠠᠷᠢᠪᠠ᠃      ᠠᠮᠠᠨ ᠰᠢᠯᠥᠭ ᠪᠤᠯ ᠠᠯᠢ ᠡᠷᠳᠡ ᠠᠴᠠ ᠣᠯᠠᠮᠵᠢᠯᠠᠨ ᠢᠷᠡᠭᠰᠡᠨ ᠨᠡᠶᠢᠬᠡᠮ ᠤᠨ ᠨᠠᠵᠠᠭᠠᠢ ᠪᠤᠷᠤᠭᠤ ᠵᠦᠢᠯ ᠢ ᠬᠤᠱᠤᠩ ᠶᠦᠮᠦᠷᠯᠢᠭ ᠢᠶᠠᠷ ᠲᠤᠯᠤᠭᠠᠢ ᠬᠤᠯᠪᠤᠨ ᠰᠢᠯᠣᠭ᠍ᠯᠡᠳᠡᠭ ᠣᠯᠠᠮᠵᠢᠯᠠᠯᠳᠣ ᠰᠣᠶᠣᠯ ᠪᠣᠯᠣᠨ᠎ᠠ᠃ ᠡᠨᠡᠬᠦ ᠰᠣᠶᠣᠯ  ᠢ ᠬᠦᠭᠵᠢᠬᠦᠯᠬᠦ ᠶᠢᠨ ᠳᠦᠯᠣᠭᠡ ᠪᠠᠶᠢᠭᠤᠯᠤᠭᠰᠠᠨ ︽ᠨᠤᠳᠤᠭ ᠤᠶᠠᠩᠭ᠎ᠠ︾ ᠬᠤᠯᠪᠤᠭ᠎ᠠ ᠨᠢ ᠭᠤᠤᠯᠳᠠᠭᠤ ᠠᠮᠠᠨ ᠰᠢᠯᠥᠭ ᠤᠨ ᠳᠣᠰᠬᠠᠢ ᠰᠡᠳᠣᠪ ᠢᠶᠠᠷ ᠶᠠᠷᠢᠯᠴᠠᠭ᠎ᠠ ᠦᠷᠨᠢᠬᠦᠯᠣᠨ ᠰᠢᠯᠣᠭ᠌ ᠪᠦᠳᠣᠭᠡᠯ ᠢᠶᠠᠨ ᠬᠠᠷᠢᠯᠴᠠᠨ ᠦᠨᠠᠯᠠᠵᠣ ᠵᠠᠰᠠᠯᠲᠠ ᠭᠢᠳᠡᠭ ᠪᠠᠶᠢᠨ᠎ᠠ᠃
 
ᠢᠷᠡᠯᠲᠡ᠄ ︽ᠨᠤᠮᠢᠨ ᠲᠠᠩᠰᠤᠭ ᠥᠥᠰᠢᠨ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号