ᠨᠠᠮ ᠤᠨ 18 ᠳ᠋ᠣᠭᠠᠷ ᠶᠡᠭᠡ ᠬᠤᠷᠠᠯ ᠠᠴᠠ ᠨᠠᠰᠢ ᠮᠠᠨ ᠤ ᠬᠤᠰᠢᠭᠤ ᠨᠢ ᠣᠯᠣᠰ᠂ ᠣᠷᠣᠨ ᠬᠤᠳᠠ ᠵᠡᠷᠭᠡ | ᠬᠡᠳᠣᠨ ᠱᠠᠳᠣᠨ ᠤ ᠨᠠᠷᠢᠯᠢᠭ ᠣᠨᠣᠪᠴᠢᠳᠡᠢ ᠪᠠᠷ ᠶᠠᠳᠠᠭᠤ ᠶᠢ ᠳᠡᠳᠬᠦᠬᠦ ᠦᠨᠳᠣᠰᠣᠨ ᠴᠢᠭᠯᠡᠯᠳᠡ ᠢ | ᠨᠠᠶᠢᠳᠠᠪᠣᠷᠢᠵᠢᠭᠤᠯᠣᠨ ᠭᠠᠵᠠᠷ ᠣᠷᠣᠨ ᠤ ᠪᠣᠳᠡᠲᠤ ᠪᠠᠶᠢᠳᠡᠯ ᠲᠠᠢ ᠨᠢᠭ᠌ᠳᠡ ᠣᠶᠠᠯᠳᠣᠭᠰᠠᠨ ᠣᠯᠠᠨ ᠵᠣᠶᠢᠯ ᠤᠨ | ᠵᠣᠬᠢᠰᠳᠡᠢ ᠠᠷᠭ᠎ᠠ ᠶᠢ ᠭᠡᠷᠡᠭᠵᠢᠬᠦᠯᠵᠣ ᠶᠠᠳᠠᠭᠤ ᠠᠴᠠ ᠠᠩᠬᠢᠵᠢᠷᠠᠭᠤᠯᠬᠤ ᠠᠯᠬᠤᠴᠠ ᠪᠠᠨ ᠳᠦᠷᠭᠡᠳᠭᠡᠭᠰᠡᠨ ᠪᠠᠶᠢᠨ᠎ᠠ᠃ | | ᠰᠦᠯᠳᠡ ᠰᠤᠮᠤᠨ ᠤ ᠲᠠᠯ᠎ᠠ ᠶᠢᠨ ᠤᠰᠤ ᠭᠠᠴᠠᠭ᠎ᠠ ᠪᠠᠷ ᠨᠤᠲᠤᠭᠲᠠᠢ ᠲᠡᠴᠢᠨᠭᠡᠷᠡᠯ ᠤᠨ ᠬᠢᠨ ᠭᠡᠷ ᠲᠡᠭᠡᠨ | ᠳᠦᠷᠪᠡᠭᠦᠯᠡ᠂ ᠮᠠᠯ ᠤᠨᠤᠭ᠎ᠠ ᠴᠦᠭᠡᠨ ᠲᠠᠷᠢᠶᠠᠨ ᠭᠠᠵᠠᠷ ᠪᠠᠭ᠎ᠠ ᠠᠴᠠ ᠦᠩᠭᠡᠷᠡᠭᠰᠡᠨ ᠳᠤ ᠠᠮᠢᠳᠤᠷᠠᠯ ᠨᠢ ᠲᠤᠩ | ᠭᠦᠴᠢᠷᠲᠠᠢ ᠪᠠᠶᠢᠵᠠᠢ᠃ ᠤᠶᠢᠷ᠎ᠠ ᠶᠢᠨ ᠭᠡᠳᠤᠨ ᠵᠢᠯ ᠬᠤᠰᠢᠭᠤᠨ ᠤ ᠶᠠᠳᠠᠭᠤ ᠶᠢ ᠳᠡᠳᠭᠦᠬᠦ ᠡᠯ᠎ᠡ ᠲᠦᠷᠦᠯ ᠤᠨ | ᠲᠦᠰᠦᠯ ᠠᠴᠠ ᠤᠯᠠᠨᠲᠠ ᠠᠰᠢᠭ ᠭᠦᠷᠲᠡᠨ᠂ ᠠᠮᠢᠳᠤᠷᠠᠯ ᠨᠢ ᠰᠠᠶᠢᠵᠢᠷᠠᠵᠤ ᠶᠠᠳᠠᠭᠤ ᠮᠠᠯᠠᠭᠠᠢ ᠪᠠᠨ ᠠᠪᠴᠤ | ᠬᠠᠶᠠᠭᠰᠠᠨ ᠢᠶᠠᠷ ᠪᠠᠷᠠᠬᠤ ᠦᠭᠡᠢ ᠰᠢᠨ᠎ᠡ ᠭᠡᠷ ᠲᠤ ᠨᠡᠭᠦᠨ ᠤᠷᠤᠭᠰᠠᠨ ᠪᠠᠶᠢᠨ᠎ᠠ᠃ ᠤᠳᠠᠭᠠᠨ ᠵᠢᠯ ᠡᠪᠳᠡᠷᠭᠡᠢ | ᠪᠠᠶᠢᠰᠢᠩ ᠳᠤ ᠰᠠᠭᠤᠵᠤ᠂ ᠠᠮᠢᠳᠤᠷᠠᠯ ᠤᠨ ᠬᠠᠯᠠ ᠵᠤᠪᠠᠯᠠᠩ ᠢ ᠬᠠᠨᠤᠳᠠᠯ᠎ᠠ ᠠᠮᠰᠠᠭᠰᠠᠨ ᠲᠠᠴᠢᠨᠭᠡᠷᠡᠯ ᠳᠤ ᠠᠪᠴᠤ | ᠬᠡᠯᠡᠪᠡᠯ ᠰᠢᠨ᠎ᠡ ᠪᠠᠶᠢᠰᠢᠩ ᠳᠤ ᠳᠤᠬᠢᠯᠢᠭ ᠰᠠᠶᠢᠬᠠᠨ ᠠᠮᠢᠳᠦᠷᠠᠵᠤ᠂ ᠶᠠᠳᠠᠭᠤ ᠮᠠᠯᠠᠭᠠᠢ ᠪᠠᠨ ᠠᠪᠴᠤ ᠬᠠᠶᠠᠬᠤ ᠬᠦᠰᠡᠯ | ᠨᠢ ᠠᠯᠤᠰ ᠬᠡᠳᠦ ᠶᠢᠨ ᠵᠡᠬᠦᠳᠦ ᠵᠡᠷᠭᠡᠯᠭᠡᠨ ᠮᠡᠲᠤ ᠰᠠᠨᠠᠭᠳᠠᠵᠤ ᠪᠠᠶᠢᠭᠰᠠᠨ ᠪᠤᠯᠪᠠᠴᠤ ᠦᠨᠦᠳᠦᠷ ᠬᠠᠷᠢᠨ ᠪᠡᠶᠡᠯᠡᠭᠳᠡᠵᠦ | ᠪᠦᠬᠡᠮ ᠪᠠᠶᠠᠷ ᠪᠤᠯᠵᠠᠢ᠃ ᠡᠳᠡᠭᠡᠷ ᠬᠤᠪᠢᠷᠠᠯᠳᠠ ᠨᠢ ᠮᠦᠨᠴᠤ ᠲᠠᠯ᠎ᠠ ᠶᠢᠨ ᠤᠰᠤ ᠭᠠᠴᠠᠭᠠᠨ ᠤ ᠪᠠᠩᠬᠢ ᠶᠢᠨ ᠪᠤᠰᠤ | ᠰᠠᠩᠬᠦᠦ ᠶᠢᠨ ᠵᠦᠪᠯᠡᠯ ᠤᠨ ᠬᠠᠪᠰᠤᠷᠤᠯᠭ᠎ᠠ ᠠᠴᠠ ᠰᠠᠯᠵᠤ ᠴᠢᠳᠠᠬᠤ ᠦᠭᠡᠢ ᠶᠤᠮ᠃ ᠰᠦᠯᠳᠡ ᠰᠤᠮᠤᠨ ᠤ ᠲᠠᠯ᠎ᠠ | ᠶᠢᠨ ᠤᠰᠤ ᠭᠠᠴᠠᠭᠠᠨ ᠤ ᠪᠠᠩᠬᠢ ᠶᠢᠨ ᠪᠤᠰᠤ ᠰᠠᠩᠬᠦᠦ ᠶᠢᠨ ᠵᠥᠪᠯᠡᠯ ᠨᠢ ᠬᠤᠳᠠ ᠬᠤᠰᠢᠭᠤ ᠬᠤᠶᠠᠷ ᠳᠡᠰ ᠤᠨ | ᠶᠠᠳᠠᠭᠤ ᠶᠢ ᠳᠡᠳᠬᠦᠬᠦ ᠠᠯᠪᠠᠨ ᠭᠡᠷ ᠤᠨ ᠵᠢᠯᠤᠭᠤᠳᠤᠯᠭ᠎ᠠ ᠳᠤᠤᠷ᠎ᠠ 2010 ᠤᠨ ᠳᠤ ᠪᠠᠶᠢᠭᠤᠯᠤᠭᠳᠠᠨ ᠭᠡᠰᠢᠬᠦᠳ | ᠲᠡᠭᠡᠨ ᠪᠡᠯᠡ ᠮᠥᠩᠭᠦᠨ ᠤ ᠵᠢᠭᠡᠯᠡᠯᠭᠡ ᠬᠠᠩᠭᠠᠵᠤ᠂ ᠤᠳᠤᠬᠠᠨ ᠳᠤ ᠶᠡᠷᠦᠩᠭᠡᠢ ᠬᠦᠷᠦᠩᠭᠡ ᠨᠢ 753 ᠳᠦᠮᠡᠨ | ᠳᠦᠬᠦᠷᠢᠭ ᠬᠦᠷᠴᠤ᠂ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠠᠵᠢᠯ ᠳᠤ ᠴᠢᠬᠤᠯᠠ ᠤᠶᠢᠯᠡᠳᠤᠯ | ᠦᠵᠡᠬᠦᠯᠵᠤ ᠪᠠᠶᠢᠭ᠎ᠠ ᠶᠤᠮ᠃ | ᠲᠠᠯ᠎ᠠ ᠶᠢᠨ ᠤᠰᠤ ᠭᠠᠴᠠᠭᠠᠨ ᠤ ᠪᠠᠩᠬᠢ ᠶᠢᠨ ᠪᠤᠰᠤ ᠰᠠᠩᠬᠦᠦ ᠶᠢᠨ ᠵᠦᠪᠯᠡᠯ ᠨᠢ ᠬᠤᠪᠢ ᠤᠷᠤᠭᠰᠠᠨ | ᠬᠡᠰᠢᠬᠦᠳ ᠤᠨ ᠢᠶᠠᠨ ᠬᠤᠷᠤᠭ᠎ᠠ ᠰᠠᠷᠠᠪᠴᠢ ᠪᠠᠷᠢᠬᠤ᠂ ᠡᠪᠡᠰᠤ ᠪᠤᠷᠳᠤᠭ᠎ᠠ ᠠᠪᠬᠤ᠂ ᠬᠤᠳᠳᠤᠭ ᠮᠠᠯᠳᠠᠬᠤ᠂ ᠮᠠᠯ | ᠤᠨ ᠡᠭᠦᠯᠳᠡᠷ ᠰᠠᠶᠢᠵᠢᠷᠠᠭᠤᠯᠬᠤ ᠵᠡᠷᠭᠡ ᠰᠠᠭᠤᠷᠢ ᠪᠦᠳᠦᠭᠡᠨ ᠪᠠᠶᠢᠭᠤᠯᠤᠯᠳᠠ ᠶᠢ ᠳᠡᠮᠵᠢᠭᠰᠡᠨ ᠢᠶᠠᠷ ᠪᠠᠷᠠᠬᠤ ᠦᠭᠡᠢ | ᠬᠤᠪᠢ ᠤᠷᠤᠭᠰᠠᠨ ᠦᠭᠡᠢ ᠡᠷᠦᠭᠡ ᠶᠢ ᠴᠤ ᠪᠡᠯᠡ ᠮᠦᠩᠭᠦ ᠪᠠᠷ ᠳᠡᠮᠵᠢᠵᠤ᠂ ᠨᠢᠳᠤᠨ ᠡᠮᠤᠨᠡᠬᠢ ᠬᠦᠴᠢᠷᠳᠠᠯ ᠢ ᠨᠢ | ᠰᠢᠢᠳᠪᠤᠷᠢᠯᠡᠭᠰᠡᠭᠡᠷ ᠢᠷᠡᠭᠰᠡᠨ ᠪᠠᠶᠢᠨ᠎ᠠ᠃ | ᠮᠠᠨ ᠤ ᠬᠤᠰᠢᠭᠤ ᠶᠠᠳᠠᠭᠤ ᠶᠢ ᠳᠡᠳᠬᠦᠬᠦ ᠠᠵᠢᠯ ᠤᠨ ᠳᠤᠮᠳᠠ ᠡᠯ᠎ᠡ ᠳᠦᠷᠦᠯ ᠤᠨ ᠲᠦᠰᠦᠯ ᠢ ᠨᠢᠭᠡᠳᠭᠡᠨ | ᠠᠰᠢᠭᠯᠠᠬᠤ ᠶᠢᠨ ᠳᠠᠭᠠᠤ ᠢᠩᠭᠢᠵᠤ ᠪᠠᠩᠬᠢ ᠶᠢᠨ ᠪᠤᠰᠤ ᠰᠠᠩᠬᠦᠦ ᠶᠢᠨ ᠵᠢᠭᠡᠯᠡᠯᠭᠡ ᠶᠢᠨ ᠭᠠᠷᠳᠠᠮ ᠨᠢ ᠳᠦᠬᠦᠮ᠂ | ᠠᠪᠬᠤ ᠳᠤ ᠬᠤᠷᠳᠤᠨ ᠪᠠᠶᠢᠳᠠᠭ ᠤᠨᠴᠠᠯᠢᠭ ᠢ ᠠᠰᠢᠭᠯᠠᠵᠤ ᠶᠠᠳᠠᠭᠤ ᠡᠷᠦᠭᠡ ᠶᠢᠨ ᠬᠦᠴᠢᠷᠳᠠᠯ ᠢ ᠨᠢ ᠰᠢᠢᠳᠪᠤᠷᠢᠯᠡᠵᠤ | ᠂ ᠠᠮᠢᠳᠤᠷᠠᠯ ᠤᠨ ᠨᠦᠬᠦᠴᠡᠯ ᠢ ᠰᠠᠶᠢᠵᠢᠷᠠᠭᠤᠯᠤᠭᠰᠠᠨ ᠠᠴᠠ ᠭᠠᠭᠴᠠ ᠲᠠᠯ᠎ᠠ ᠶᠢᠨ ᠤᠰᠤ ᠭᠠᠴᠠᠭᠠᠨ ᠳᠤ ᠦᠨᠤ ᠵᠢᠯ | ᠳᠠᠩᠰᠠ ᠪᠠᠶᠢᠭᠤᠯᠭᠰᠠᠨ ᠶᠠᠳᠠᠭᠤ ᠬᠦᠴᠢᠷᠳᠡᠯᠲᠠᠢ 14 ᠡᠷᠦᠭᠡ ᠶᠠᠳᠠᠭᠤ ᠠᠴᠠ ᠠᠩᠭᠢᠵᠢᠷᠠᠬᠤ ᠪᠤᠯᠤᠯᠴᠠᠭ᠎ᠠ ᠲᠠᠢ | ᠪᠤᠯᠵᠠᠢ᠃ |