︽ᠤᠡᠭᠭᠤᠨ ᠲᠠᠯ᠎ᠠ︾ ᠲᠡᠵᠢᠬᠡᠨ ᠦᠷᠡᠵᠢᠬᠦᠯᠬᠦ ᠲᠤᠰᠬᠠᠢ ᠬᠤᠷᠰᠢᠶᠠᠵᠢᠯ ᠮᠠᠯᠴᠢᠨ ᠲᠠᠷᠢᠶᠠᠴᠢᠳ ᠢᠶᠠᠨ ᠪᠠᠶᠠᠵᠢᠯ ᠤᠨ ᠵᠠᠮ ᠢᠶᠠᠷ ᠬᠦᠳᠦᠯᠦᠨ᠎ᠠ
ᠨᠡᠶᠢᠲᠡᠯᠡᠭᠰᠡᠨ ᠴᠠᠭ᠄
2019-10-25
     ᠤᠯᠠᠭᠠᠨᠲᠤᠯᠤᠭᠠᠢ ᠪᠠᠯᠭᠠᠰᠤᠨ ᠤ ᠪᠡᠶᠠᠨᠭᠤᠤᠯ ᠭᠠᠴᠠᠭᠠᠨ ᠤ ︽ᠤᠡᠭᠭᠤᠨ ᠲᠠᠯ᠎ᠠ︾ ᠲᠡᠵᠢᠬᠡᠨ ᠦᠷᠡᠵᠢᠬᠦᠯᠬᠦ ᠲᠤᠰᠬᠠᠢ ᠬᠤᠷᠰᠢᠶᠠᠵᠢᠯ ᠮᠠᠯᠴᠢᠨ ᠲᠠᠷᠢᠶᠠᠴᠢᠳ ᠢᠶᠠᠨ ᠲᠠᠭᠠᠭᠤᠯᠤᠨ ᠲᠠᠶᠢᠴᠢᠯᠠᠵᠤ ᠲᠠᠷᠢᠶᠠᠯᠠᠩ ᠮᠠᠯ ᠠᠵᠤ ᠠᠬᠤᠢ ᠶᠢ ᠬᠦᠭᠵᠢᠬᠦᠯᠦᠨ᠂ ᠬᠦᠳᠡᠭᠡ ᠲᠤᠰᠬᠤᠨ ᠢ ᠬᠦᠭᠵᠢᠬᠦᠯᠬᠦ ᠳᠤ ᠬᠦᠴᠦᠨ ᠨᠡᠮᠡᠷᠢᠯᠡᠵᠤ᠂ ᠮᠠᠯᠴᠢᠨ ᠲᠠᠷᠢᠶᠠᠴᠢᠳ ᠢᠶᠠᠨ ᠪᠠᠶᠠᠵᠢᠯ ᠤᠨ ᠵᠠᠮ ᠢᠶᠠᠷ ᠬᠦᠳᠦᠯᠵᠦ ᠪᠠᠶᠢᠨ᠎ᠠ᠃      ︽ᠤᠡᠭᠭᠤᠨ ᠲᠠᠯ᠎ᠠ︾ ᠲᠡᠵᠢᠬᠡᠨ ᠦᠷᠡᠵᠢᠬᠦᠯᠬᠦ ᠲᠤᠰᠬᠠᠢ ᠬᠤᠷᠰᠢᠶᠠᠵᠢᠯ ᠢ 2013 ᠤᠨ ᠳᠤ ᠭᠠᠴᠠᠭᠠᠨ ᠤ ᠪᠠᠶᠠᠵᠢᠯ ᠤᠨ ᠲᠤᠯᠤᠭᠠᠢᠢᠯᠠᠭᠴᠢ ᠰᠤᠶᠤᠯᠮᠠᠨᠳᠤᠬᠤ 35 ᠡᠷᠦᠬᠡ ᠲᠠᠢ ᠪᠠᠨ ᠬᠤᠯᠪᠤᠭᠠᠯᠠᠨ ᠪᠠᠶᠢᠭᠤᠯᠤᠭᠰᠠᠨ ᠶᠤᠮ᠃ ᠬᠤᠷᠰᠢᠶᠠᠵᠢᠯ ᠤᠨ ᠲᠠᠩᠰᠠᠯᠠᠭᠤᠯᠤᠭᠰᠠᠨ ᠪᠡᠯᠡ ᠮᠦᠡᠭᠬᠦ 820 ᠲᠦᠮᠡᠨ ᠲᠦᠬᠦᠷᠢᠭ᠂ ᠬᠤᠷᠰᠢᠶᠠᠵᠢᠯ ᠤᠨ ᠡᠵᠡᠩᠨᠡᠵᠦ ᠪᠠᠶᠢᠭ᠎ᠠ ᠨᠤᠲᠤᠭ ᠪᠡᠯᠴᠢᠬᠡᠷ ᠤᠨ ᠲᠠᠯᠠᠪᠠᠢ 3 ᠲᠦᠮᠡᠨ ᠮᠦ ᠪᠠᠶᠢᠵᠤ᠂ ᠡᠳᠦᠬᠡ 5080 ᠨᠠᠷᠢᠨ ᠨᠤᠤᠰᠤᠳᠦ ᠬᠤᠨᠢ᠂ 360 ᠦᠬᠡᠷ ᠬᠠᠰᠢᠶᠠᠯᠠᠨ ᠲᠡᠵᠢᠬᠡᠵᠦ ᠪᠤᠢ᠃ ᠵᠢᠯ ᠳᠤ 2000 ᠨᠠᠷᠢᠨ ᠨᠤᠤᠰᠤᠳᠦ ᠬᠤᠨᠢ ᠪᠠ 150 ᠠᠯᠠᠰᠢᠨ ᠦᠬᠡᠷ ᠢ ᠪᠤᠷᠤᠯᠠᠭᠤᠯᠵᠦ᠂ ᠵᠢᠯ ᠤᠨ ᠨᠡᠶᠢᠳᠡ ᠤᠷᠤᠯᠭ᠎ᠠ 160 ᠲᠦᠮᠠ ᠳᠤ ᠬᠦᠷᠴᠦ ᠪᠤᠢ᠃      ᠤᠢᠢᠷ᠎ᠠ ᠶᠢᠨ ᠵᠢᠯ ᠠᠴᠠ ᠨᠠᠰᠢ᠂ ᠤᠯᠠᠭᠠᠨᠲᠤᠯᠤᠭᠠᠢ ᠪᠠᠯᠭᠠᠰᠤᠨ ᠤ ᠨᠠᠮ ᠤᠨ ᠬᠤᠷᠢᠶ᠎ᠠ ᠵᠠᠰᠠᠭ ᠤᠨ ᠤᠷᠳᠤᠨ ᠠᠴᠠ ᠠᠵᠤ ᠦᠢᠯᠡᠰ ᠤᠨ ᠬᠦᠭᠵᠢᠯᠲᠡ ᠪᠠ ᠠᠵᠤ ᠦᠢᠯᠡᠰ ᠤᠨ ᠪᠦᠲᠦᠴᠡ ᠶᠢᠨ ᠲᠤᠬᠢᠷᠠᠭᠤᠯᠤᠯᠲᠠ ᠶᠢ ᠬᠦᠴᠦᠯᠡᠨ ᠠᠬᠢᠭᠤᠯᠵᠤ᠂ ᠪᠦᠬᠦ ᠪᠠᠯᠭᠠᠰᠤᠨ ᠤ ᠲᠠᠷᠢᠶᠠᠯᠠᠩ ᠮᠠᠯ ᠠᠵᠤ ᠠᠬᠤᠢ ᠶᠢᠨ ᠲᠤᠰᠬᠠᠢ ᠬᠤᠷᠰᠢᠶᠠᠵᠢᠯ ᠤᠨ ᠬᠦᠭᠵᠢᠯᠲᠡ ᠳᠤ ᠤᠬᠢ ᠰᠠᠶᠢᠨ ᠬᠦᠭᠵᠢᠯᠲᠡ ᠶᠢᠨ ᠤᠷᠤᠨ ᠵᠠᠢ ᠬᠠᠨᠭ᠍ᠭᠠᠬᠰᠠᠨ ᠪᠠᠶᠢᠨ᠎ᠠ᠃ ᠡᠬᠦᠨ ᠤ ᠬᠠᠮᠲᠦ ᠪᠠᠶᠠᠨᠭᠤᠤᠯ ᠭᠠᠴᠠᠭ᠎ᠠ ᠵᠤᠬᠢᠶᠠᠨ ᠪᠠᠶᠢᠭᠤᠯᠵᠦ ᠬᠦᠳᠦᠯᠤᠨ ᠵᠢᠯᠤᠭᠤᠳᠬᠤ ᠦᠢᠯᠡᠳᠦᠯ ᠢᠶᠠᠨ ᠬᠦᠢᠴᠡᠳ ᠪᠠᠳᠠᠷᠠᠭᠤᠯᠵᠦ ᠂ ︽ᠨᠠᠮ ᠤᠨ ᠡᠬᠦᠷ + ᠬᠤᠷᠰᠢᠶᠠᠵᠢᠯ + ᠮᠠᠯᠴᠢᠨ ᠲᠠᠷᠢᠶᠠᠴᠢᠨ ᠡᠷᠦᠬᠡ︾ ᠶᠢᠨ ᠬᠦᠭᠵᠢᠯᠳᠡ ᠶᠢᠨ ᠵᠠᠭᠪᠤᠷ ᠢ ᠬᠡᠷᠡᠭᠵᠢᠬᠦᠯᠵᠦ᠂ 6 ᠨᠠᠮ ᠤᠨ ᠬᠡᠰᠢᠬᠦᠨ ᠡᠷᠦᠬᠡ ᠶᠢ ᠬᠤᠷᠰᠢᠶᠠᠵᠢᠯ ᠳᠤ ᠤᠷᠤᠯᠴᠠᠭᠤᠯᠵᠦ᠂ ᠨᠠᠮ ᠤᠨ ᠬᠡᠰᠢᠬᠦᠳ ᠤᠨ ᠳᠠᠭᠤᠷᠢᠶᠠᠯ ᠦᠵᠡᠬᠦᠯᠵᠦ ᠬᠦᠳᠦᠯᠦᠨ ᠲᠠᠭᠠᠭᠤᠯᠬᠤ ᠦᠢᠯᠡᠳᠦᠯ ᠢ ᠬᠦᠢᠴᠡᠳ ᠪᠠᠳᠠᠷᠠᠭᠤᠯᠵᠦ᠂ ᠨᠠᠮ ᠤᠨ ᠬᠡᠰᠢᠬᠦᠨ ᠡᠷᠦᠬᠡ ᠪᠠᠷ ᠨᠠᠮ ᠤᠨ ᠬᠡᠰᠢᠬᠦᠨ ᠪᠤᠰᠦ ᠡᠷᠦᠬᠡ ᠶᠢ ᠲᠠᠶᠢᠴᠢᠯᠠᠵᠦ᠂ ᠨᠠᠮ ᠤᠨ ᠵᠤᠬᠢᠶᠠᠨ ᠪᠠᠶᠢᠭᠤᠯᠤᠯᠳᠡ ᠶᠢᠨ ᠮᠠᠯᠴᠢᠨ ᠲᠠᠷᠢᠶᠠᠴᠢᠳ ᠢᠶᠠᠨ ᠬᠦᠳᠦᠯᠦᠨ ᠲᠠᠭᠠᠭᠤᠯᠵᠦ ᠪᠠᠶᠠᠵᠢᠨ ᠴᠢᠨᠡᠬᠡᠯᠢᠭᠵᠢᠬᠦᠯᠬᠦ ᠴᠢᠳᠠᠪᠤᠷᠢ ᠶᠢ ᠲᠡᠭᠡᠭᠰᠢᠯᠡᠬᠦᠯᠵᠦ᠂ ᠮᠠᠯᠴᠢᠨ ᠲᠠᠷᠢᠶᠠᠴᠢᠳ ᠤᠨ ᠤᠷᠤᠯᠭ᠎ᠠ ᠶᠢ ᠪᠦᠲᠦᠮᠵᠢᠲᠠᠢ ᠨᠡᠮᠡᠭᠳᠡᠬᠦᠯᠦᠭᠰᠡᠨ ᠪᠠᠶᠢᠨ᠎ᠠ᠃      ︽ᠤᠡᠭᠭᠤᠨ ᠲᠠᠯ᠎ᠠ︾ ᠲᠡᠵᠢᠭᠡᠨ ᠦᠷᠡᠵᠢᠬᠦᠯᠬᠦ ᠲᠤᠰᠬᠠᠢ ᠬᠤᠷᠰᠢᠶᠠᠵᠢᠯ ᠨᠢ ᠭᠠᠵᠠᠷ ᠤᠷᠤᠨ ᠤ ᠪᠠᠶᠢᠷᠢᠰᠢᠯ᠂ ᠡᠬᠢ ᠪᠠᠶᠠᠯᠢᠭ ᠤᠨ ᠲᠠᠪᠠᠭᠤᠯᠢᠭ ᠲᠠᠭᠠᠨ ᠲᠦᠰᠢᠭᠯᠡᠨ᠂ ᠵᠠᠬ᠎ᠠ ᠲᠡᠯᠬᠡᠬᠦᠷ ᠢᠶᠠᠷ ᠤᠳᠤᠷᠢᠳᠤᠮᠵᠢ ᠪᠤᠯᠭᠠᠵᠦ᠂ ᠰᠢᠨ᠎ᠠ ᠶᠢ ᠡᠬᠦᠳᠬᠦ ᠪᠠᠷ ᠬᠦᠳᠡᠯᠬᠡᠬᠦ ᠬᠦᠴᠦᠨ ᠪᠤᠯᠭᠠᠨ᠂ ᠰᠢᠨᠵᠢᠯᠡᠬᠦ ᠤᠬᠠᠭᠠᠨ ᠮᠡᠷᠬᠡᠵᠢᠯ ᠢᠶᠠᠷ ᠲᠤᠯᠭᠠᠭᠤᠷᠢᠯᠡᠯ ᠪᠤᠯᠭᠠᠵᠦ᠂ ᠠᠵᠦ ᠦᠢᠯᠡᠰᠵᠢᠬᠦᠯᠦᠯᠲᠡ ᠪᠠᠷ ᠴᠢᠭᠯᠡᠯ ᠢᠶᠠᠨ ᠪᠤᠯᠭᠠᠨ᠂ ᠪᠠᠶᠠᠨᠭᠤᠤᠯ ᠭᠠᠴᠠᠭᠠᠨ ᠤ ᠨᠠᠷᠢᠨ ᠨᠤᠤᠰᠤᠳᠦ ᠬᠤᠨᠢ ᠶᠢ ᠬᠡᠪᠴᠢᠶᠡᠵᠢᠬᠦᠯᠦᠨ ᠲᠡᠵᠢᠬᠡᠨ ᠦᠷᠡᠵᠢᠬᠦᠯᠬᠦ ᠠᠬᠢᠴᠠ ᠶᠢ ᠪᠦᠳᠦᠮᠵᠢᠳᠡᠢ ᠲᠦᠷᠭᠡᠳᠭᠡᠵᠠᠢ᠃ ᠲᠤᠰ ᠬᠤᠷᠰᠢᠶᠠᠵᠢᠯ ᠪᠠᠶᠢᠭᠤᠯᠤᠭᠳᠠᠭᠰᠠᠨ ᠤ ᠲᠠᠷᠠᠭ᠎ᠠ ᠡᠷᠬᠢᠨ ᠲᠤᠭᠤᠷᠢᠨ ᠤ 130 ᠭᠠᠷᠤᠢ ᠲᠡᠵᠢᠬᠡᠨ ᠦᠷᠡᠵᠢᠬᠦᠯᠬᠦ ᠡᠷᠦᠬᠡ ᠶᠢ ᠲᠠᠶᠢᠴᠢᠯᠠᠵᠦ᠂ ᠡᠷᠦᠬᠡ ᠪᠦᠷᠢ ᠶᠢᠨ ᠲᠤᠮᠳᠠᠴᠢ ᠤᠷᠤᠯᠭ᠎ᠠ ᠶᠢᠨ ᠨᠡᠮᠡᠭᠳᠡᠯ ᠢ 800 ᠲᠦᠬᠦᠷᠢᠭ ᠠᠴᠠ ᠲᠠᠪᠠᠭᠤᠯᠵᠠᠢ᠃ ︽ᠤᠡᠭᠭᠤᠨ ᠲᠠᠯ᠎ᠠ︾ ᠲᠡᠵᠢᠭᠡᠨ ᠦᠷᠡᠵᠢᠬᠦᠯᠬᠦ ᠲᠤᠰᠬᠠᠢ ᠬᠤᠷᠰᠢᠶᠠᠵᠢᠯ ᠨᠢ ᠮᠢᠬᠠᠨ ᠢᠳᠡᠬᠡᠨ ᠢᠶᠠᠨ ᠨᠠᠷᠢᠯᠢᠭ ᠪᠤᠯᠪᠠᠰᠤᠷᠠᠭᠤᠯᠵᠦ᠂ ᠬᠠᠳᠠᠭᠠᠭᠰᠠᠨ ᠮᠢᠬ᠎ᠠ᠂ ᠮᠤᠩᠭᠤᠯ ᠪᠤᠤᠵᠠ ᠪᠠᠩᠰᠢ ᠵᠡᠷᠬᠡ ᠤᠨᠴᠠ ᠭᠠᠷᠤᠯᠳᠠ ᠶᠢ ᠦᠢᠯᠡᠳᠪᠦᠷᠢᠯᠡᠵᠦ᠂ ᠨᠡᠷᠡᠳᠦ ᠲᠡᠮᠳᠡᠭᠵᠢᠬᠦᠯᠦᠭᠰᠡᠨ ᠬᠦᠭᠵᠢᠯᠳᠡ ᠶᠢᠨ ᠵᠠᠮ ᠢᠶᠠᠷ ᠵᠠᠮᠨᠠᠬᠤ ᠶᠢᠨ ᠬᠠᠮᠳᠤ ᠵᠠᠬ᠎ᠠ ᠲᠡᠯᠬᠡᠬᠦᠷ ᠲᠠᠢ ᠠᠭᠤᠰᠤᠯᠴᠠᠬᠤ ᠶᠢ ᠪᠠᠷᠢᠮᠳᠠᠯᠠᠵᠦ᠂ ᠤᠷᠳᠤᠰ ᠬᠤᠳᠡ ᠶᠢᠨ ᠵᠡᠷᠢᠮ ᠬᠠᠯᠠᠭᠤᠨ ᠲᠤᠭᠤᠭᠠᠨ ᠤ ᠬᠤᠭᠤᠯᠠᠨ ᠭᠡᠷ ᠲᠠᠢ ᠤᠷᠲᠦ ᠬᠤᠭᠤᠴᠠᠭ᠎ᠠ ᠪᠠᠷ ᠮᠢᠬ᠎ᠠ ᠬᠠᠨᠭ᠍ᠭᠠᠬᠤ ᠬᠡᠷ᠎ᠠ ᠲᠤᠭᠳᠠᠭᠰᠠᠨ ᠪᠠᠶᠢᠨ᠎ᠠ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号