ᠱᠠᠷᠯᠢᠭ ᠭᠠᠴᠠᠭ᠎ᠠ ︽ᠤᠭ ᠰᠠᠨᠠᠭ᠎ᠠ ᠪᠠᠨ ᠦᠯᠤ ᠮᠠᠷᠳᠠᠨ ᠡᠬᠦᠷᠭᠡ ᠬᠠᠷᠢᠭᠤᠴᠠᠯᠭ᠎ᠠ ᠪᠠᠨ ᠪᠠᠳᠤ ᠴᠡᠬᠡᠵᠢᠯᠡᠬᠦ︾ ᠭᠤᠤᠯ ᠰᠡᠳᠦᠪᠳᠤ ᠬᠦᠮᠤᠵᠢᠯ ᠤᠨ ᠠᠵᠢᠯᠯᠠᠭ᠎ᠠ ᠶᠢ ᠪᠤᠳᠠᠳᠠᠶᠢᠵᠢᠭᠤᠯᠤᠨ ᠨᠠᠶᠢᠳᠠᠪᠦᠷᠢᠵᠢᠭᠤᠯᠵᠦ ᠪᠠᠶᠢᠨ᠎ᠠ
ᠨᠡᠶᠢᠲᠡᠯᠡᠭᠰᠡᠨ ᠴᠠᠭ᠄
2019-10-29
     ︽ᠤᠭ ᠰᠠᠨᠠᠭ᠎ᠠ ᠪᠠᠨ ᠦᠯᠤ ᠮᠠᠷᠳᠠᠨ ᠡᠬᠦᠷᠭᠡ ᠬᠠᠷᠢᠭᠤᠴᠠᠯᠭ᠎ᠠ ᠪᠠᠨ ᠪᠠᠳᠤ ᠴᠡᠬᠡᠵᠢᠯᠡᠬᠦ︾ ᠭᠤᠤᠯ ᠰᠡᠳᠦᠪᠳᠤ ᠬᠦᠮᠤᠵᠢᠯ ᠤᠨ ᠠᠵᠢᠯᠯᠠᠭ᠎ᠠ ᠶᠢ ᠦᠷᠨᠢᠬᠦᠯᠦᠭᠰᠡᠨ ᠠᠴᠠ ᠨᠠᠰᠢ᠂ ᠰᠦᠯᠳᠡ ᠰᠤᠮᠤᠨ ᠤ ᠱᠠᠷᠯᠢᠭ ᠭᠠᠴᠠᠭ᠎ᠠ ᠶᠠᠳᠠᠭᠤ ᠬᠦᠴᠢᠷᠳᠡᠯᠳᠡᠢ ᠡᠷᠦᠬᠡ ᠶᠢᠨ ᠪᠤᠳᠠᠳᠤ ᠬᠦᠴᠢᠷᠳᠡᠯ ᠢ ᠰᠢᠢᠳᠪᠦᠷᠢᠯᠡᠬᠦ ᠠᠴᠠ ᠭᠠᠷᠳᠠᠨ ᠬᠦᠮᠤᠵᠢᠯ ᠤᠨ ᠠᠵᠢᠯᠯᠠᠭ᠎ᠠ ᠶᠢ ᠪᠤᠳᠠᠳᠠᠶᠢᠵᠢᠭᠤᠯᠤᠨ ᠨᠠᠶᠢᠳᠠᠪᠦᠷᠢᠵᠢᠭᠤᠯᠵᠦ ᠪᠠᠶᠢᠨ᠎ᠠ᠃      ᠨᠠᠮᠤᠷ ᠤᠨ ᠬᠤᠷᠢᠶᠠᠯᠳᠠ ᠶᠢᠨ ᠶᠠᠭᠠᠷᠠᠯᠳᠠᠢ ᠴᠠᠭ ᠢᠶᠠᠷ ᠱᠠᠷᠯᠢᠭ ᠭᠠᠴᠠᠭᠠᠨ ᠤ ᠮᠠᠯᠴᠢᠨ ᠰᠤᠶᠤᠯᠮᠠᠨᠳᠤᠬᠤ ᠶᠢᠨ 30 ᠭᠠᠷᠤᠢ ᠮᠤ᠋ ᠡᠷᠳᠡᠨᠢ ᠰᠢᠰᠢ ᠶᠢᠨ ᠲᠠᠷᠢᠶᠠᠨ ᠭᠠᠵᠠᠷ ᠲᠤ ᠬᠤᠷᠢᠶᠠᠯᠳᠠ ᠶᠢᠨ ᠮᠠᠰᠢᠨ ᠬᠦᠷᠴᠢᠬᠢᠨᠡᠵᠦ ᠦᠩᠬᠡᠷᠡᠭᠰᠡᠨ ᠵᠢᠯ ᠳᠤ ᠬᠦᠮᠤᠨ ᠤ ᠬᠦᠴᠦ ᠪᠠᠷ ᠠᠷᠪᠠᠨ ᠬᠡᠳᠤᠨ ᠬᠤᠨᠤᠭ ᠢᠶᠠᠷ ᠬᠤᠷᠢᠶᠠᠵᠦ ᠳᠠᠭᠤᠰᠬᠠᠳᠠᠭ ᠠᠵᠢᠯ ᠢ ᠬᠠᠭᠠᠰ ᠡᠳᠤᠷ ᠪᠤᠯᠤᠯ ᠦᠭᠡᠢ ᠬᠤᠷᠢᠶᠠᠵᠦ ᠲᠠᠭᠤᠰᠬᠠᠵᠠᠢ᠃ ᠡᠨᠡ ᠨᠢ ᠠᠵᠦ ᠠᠮᠢᠳᠤᠷᠠᠯ ᠬᠦᠴᠢᠷᠳᠡᠯᠳᠡᠢ ᠮᠠᠯᠴᠢᠨ ᠰᠤᠶᠤᠯᠮᠠᠨᠳᠤᠬᠤ ᠳᠤ ᠠᠪᠴᠦ ᠬᠡᠯᠡᠪᠡᠯ ᠪᠠᠭ᠎ᠠ ᠪᠤᠰᠤ ᠬᠠᠪᠰᠤᠷᠤᠯᠭ᠎ᠠ ᠪᠤᠯᠵᠦ ᠲᠡᠷᠡ ᠨᠠᠮ ᠵᠠᠰᠠᠭ ᠤᠨ ᠬᠠᠯᠠᠭᠤᠨ ᠳᠡᠮᠵᠢᠯᠭᠡ ᠳᠤ ᠲᠠᠯᠠᠷᠬᠠᠵᠤ ᠪᠠᠶᠢᠬᠤ ᠪᠠᠨ ᠢᠯᠡᠳᠭᠡᠪᠡ᠃      ᠱᠠᠷᠯᠢᠭ ᠭᠠᠴᠠᠭ᠎ᠠ ᠠᠰᠠᠭᠤᠳᠠᠯ ᠤᠨ ᠣᠳᠤᠷᠢᠳᠤᠮᠵᠢ ᠶᠢ ᠪᠠᠷᠢᠮᠳᠠᠯᠠᠨ ᠵᠠᠰᠠᠨ ᠴᠡᠭᠴᠡᠯᠡᠯᠳᠡ ᠪᠠᠨ ᠴᠢᠩᠭᠠᠳᠬᠠᠵᠦ ᠶᠠᠳᠠᠭᠤ ᠬᠦᠴᠢᠷᠳᠡᠯᠳᠡᠢ ᠡᠷᠦᠬᠡ ᠶᠢᠨ ᠪᠤᠳᠠᠳᠤ ᠬᠦᠴᠢᠷᠳᠡᠯ ᠢ ᠰᠢᠢᠳᠪᠦᠷᠢᠯᠡᠬᠦ ᠶᠢᠨ ᠡᠬᠦᠳᠡᠨ ᠠᠴᠠ ᠬᠦᠮᠤᠨ ᠤ ᠬᠦᠴᠦᠨ ᠪᠠ ᠲᠠᠷᠢᠶᠠᠯᠠᠩ ᠤᠨ ᠮᠠᠰᠢᠨ ᠲᠤᠳᠠᠮᠠᠭ ᠪᠠᠶᠢᠳᠠᠯ ᠢ ᠦᠨᠳᠤᠰᠤᠯᠡᠨ ᠲᠠᠷᠢᠶᠠᠯᠠᠩ ᠤᠨ ᠮᠠᠰᠢᠨ ᠤ ᠲᠤᠰᠬᠠᠢ ᠬᠤᠷᠰᠢᠶᠠᠵᠢᠯ ᠤᠨ ᠨᠠᠮ ᠤᠨ ᠬᠡᠰᠢᠬᠦᠨ ᠤ ᠡᠷᠦᠬᠡ ᠤᠳ ᠢ ᠢᠳᠡᠪᠬᠢᠳᠡᠢ ᠵᠤᠬᠢᠶᠠᠨ ᠪᠠᠶᠢᠭᠤᠯᠤᠨ ᠪᠦᠬᠦ ᠭᠠᠴᠠᠭᠠᠨ ᠤ ᠠᠷᠪᠠᠨ ᠶᠠᠳᠠᠭᠤ ᠬᠦᠴᠢᠷᠳᠡᠯᠳᠡᠢ ᠡᠷᠦᠬᠡ ᠶᠢᠨ 500 ᠭᠠᠷᠤᠢ ᠮᠤ᠋ ᠲᠠᠷᠢᠶ᠎ᠠ ᠶᠢ ᠦᠨ᠎ᠡ ᠲᠦᠯᠦᠪᠦᠷᠢ ᠦᠭᠡᠢ ᠬᠤᠷᠢᠶᠠᠵᠦ ᠦᠭᠭᠦᠭᠰᠡᠨ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号