ᠦᠣᠰᠢᠨ ᠬᠤᠰᠢᠭᠤᠨ ᠤ ᠬᠦᠳᠡᠭᠡ ᠳᠣᠰᠬᠤᠨ ᠤ ᠢᠳᠡᠭᠡᠮᠵᠢ ᠶᠢᠨ ᠬᠤᠯᠪᠣᠭᠠᠳᠣ ᠬᠤᠷᠰᠢᠶᠠᠨ ᠤ ᠮᠣᠩᠭᠤᠯ | ᠦᠨᠳᠣᠰᠣᠳᠡᠨ ᠤ ᠰᠣᠶᠣᠯ ᠠᠷᠡᠨᠰᠢᠨ ᠢ ᠳᠣᠪᠣᠶᠢᠯᠭᠠᠵᠣ ᠮᠣᠩᠭᠤᠯ ᠦᠬᠡ ᠬᠡᠯᠡ ᠦᠰᠣᠭ᠌ ᠪᠢᠴᠢᠭ ᠢ ᠭᠡᠷᠡᠭᠯᠡᠨ | ᠣᠶᠢᠯᠡᠴᠢᠯᠡᠬᠦ ᠴᠣᠯᠣ ᠮᠣᠩᠭᠤᠯ ᠢᠲᠡᠭᠡᠮᠵᠢ ᠶᠢᠨ ᠬᠤᠷᠰᠢᠶ᠎ᠠ ᠪᠣᠯᠬᠤ ᠪᠠᠶᠠᠨᠴᠠᠶᠢᠳᠡᠮ ᠬᠤᠪᠢᠶᠠᠷᠢ ᠢᠳᠡᠭᠡᠮᠵᠢ ᠶᠢᠨ | ᠬᠤᠷᠰᠢᠶ᠎ᠠ ᠭᠡᠷᠡᠭᠯᠡᠯᠳᠡ ᠳᠤ ᠣᠷᠣᠵᠣ ᠬᠡᠷᠡᠭᠯᠡᠭᠴᠢᠳ ᠲᠤ ᠳᠠᠭᠠᠳᠡᠢ ᠣᠷᠴᠢᠨ ᠳᠦᠳᠡ ᠣᠶᠢᠯᠡᠴᠢᠯᠡᠭᠡ ᠶᠢ | ᠬᠠᠩᠭᠠᠭᠰᠠᠨ ᠪᠠᠶᠢᠨ᠎ᠠ᠃ | ᠣᠶᠢᠷ᠎ᠠ ᠶᠢᠨ ᠡᠳᠣᠷ ᠭᠠᠯᠠᠭᠤᠳᠣ ᠪᠠᠯᠭᠠᠰᠣᠨ ᠤ ᠰᠣᠪᠣᠷᠭ᠎ᠠ ᠵᠡᠭᠡᠯᠢ ᠳᠤ ᠰᠢᠨ᠎ᠠ ᠪᠠᠷ ᠪᠠᠶᠢᠭᠤᠯᠤᠭᠰᠠᠨ | ᠮᠣᠩᠭᠤᠯ ᠣᠶᠢᠯᠡᠴᠢᠯᠡᠬᠡᠨ ᠤ ᠪᠠᠩᠬᠢ ᠪᠣᠯᠬᠤ ᠪᠠᠶᠠᠨᠴᠠᠶᠢᠳᠡᠮ ᠬᠤᠪᠢᠶᠠᠷᠢ ᠢᠳᠡᠭᠡᠮᠵᠢ ᠶᠢᠨ ᠬᠤᠷᠰᠢᠶ᠎ᠠ ᠭᠡᠷᠡᠭᠯᠡᠯᠳᠡ ᠳᠤ | ᠣᠷᠣᠭᠰᠠᠨ ᠶᠣᠰᠣᠯᠠᠯ ᠢ ᠶᠠᠪᠣᠭᠳᠠᠭᠤᠯᠵᠣ ᠭᠠᠯᠠᠭᠤᠳᠣ ᠪᠠᠯᠭᠠᠰᠣᠨ ᠤ ᠰᠠᠭᠤᠭᠠᠯᠢ ᠠᠷᠠᠳ ᠡᠭᠦᠯᠡᠨᠬᠤᠸᠠᠷ | ᠠᠩᠬᠠᠳᠠᠭᠴᠢ ᠵᠣᠴᠢᠨ ᠢᠶᠠᠷ ᠮᠣᠷᠢᠯᠠᠨ ᠰᠠᠭᠠᠲᠠᠵᠤ ᠮᠣᠩᠭᠤᠯ ᠮᠠᠶ᠋ᠢᠭ ᠢᠶᠠᠷ ᠵᠠᠰᠠᠨ ᠴᠢᠮᠡᠭᠰᠡᠨ ᠣᠷᠴᠢᠨ ᠳᠣᠭᠤᠷᠢᠨ᠂ | ᠮᠣᠩᠭᠤᠯ ᠠᠵᠢᠯᠳᠡᠨ᠂ ᠮᠣᠩᠭᠤᠯ ᠦᠬᠡ ᠬᠡᠯᠡ ᠦᠰᠣᠭ᠌ ᠪᠢᠴᠢᠭ ᠢ ᠭᠡᠷᠡᠭᠯᠡᠭᠰᠡᠨ ᠮᠣᠩᠭᠤᠯ ᠣᠶᠢᠯᠡᠴᠢᠯᠡᠭᠡ ᠨᠢ | ᠳᠡᠬᠦᠨ ᠤ ᠰᠡᠳᠬᠢᠯ ᠢ ᠪᠠᠶᠠᠰᠬᠠᠵᠤ ᠶᠡᠭᠡ ᠬᠠᠨᠤᠮᠵᠢᠲᠠᠢ ᠪᠠᠶᠢᠬᠤ ᠪᠠᠨ ᠢᠯᠡᠷᠬᠡᠶᠢᠯᠡᠪᠡ᠃ | ᠪᠠᠶᠠᠨᠴᠠᠶᠢᠳᠡᠮ ᠬᠤᠪᠢᠶᠠᠷᠢ ᠢᠳᠡᠭᠡᠮᠵᠢ ᠶᠢᠨ ᠬᠤᠷᠰᠢᠶ᠎ᠠ ᠨᠢ ᠭᠠᠯᠠᠭᠤᠳᠣ ᠪᠠᠯᠭᠠᠰᠣᠨ ᠤ 5 ᠭᠠᠴᠠᠭ᠎ᠠ | ᠳᠣᠰᠬᠤᠨ ᠤ 1248 ᠮᠠᠯᠴᠢᠨ ᠳᠡᠷᠢᠶᠠᠴᠢᠨ ᠡᠷᠣᠬᠡ ᠪᠣᠯᠣᠨ 300 ᠭᠠᠷᠣᠢ ᠪᠠᠯᠭᠠᠰᠣᠨ ᠳᠣᠭᠤᠷᠢᠭ ᠤᠨ ᠬᠤᠪᠢ | ᠶᠢᠨ ᠡᠵᠡᠩᠨᠡᠯᠲᠡ ᠶᠢᠨ ᠡᠷᠣᠭᠡ ᠳᠤ ᠣᠶᠢᠯᠡᠴᠢᠯᠠᠵᠣ ᠪᠠᠶᠢᠳᠠᠭ᠃ ᠣᠣᠯ ᠤᠨ ᠰᠠᠭᠤᠷᠢᠰᠢᠯ ᠤᠨ ᠣᠷᠴᠢᠨ ᠳᠣᠭᠤᠷᠢᠨ | ᠬᠠᠭᠤᠴᠢᠷᠠᠨ ᠠᠯᠪᠠᠯᠠᠬᠤ ᠭᠡᠷ ᠣᠷᠣᠨ ᠬᠦᠷᠣᠯᠴᠠᠬᠦ ᠦᠬᠡᠢ ᠵᠡᠷᠭᠡ ᠪᠣᠳᠡᠳᠡᠢ ᠪᠠᠶᠢᠳᠡᠯ ᠢ ᠦᠨᠳᠣᠰᠣᠯᠡᠨ 2018 | ᠣᠨ ᠤ ᠰᠡᠬᠦᠯᠴᠢ ᠠᠴᠠ ᠡᠨᠡᠬᠦ ᠴᠣᠯᠣ ᠮᠣᠩᠭᠤᠯ ᠢᠶᠠᠷ ᠣᠶᠢᠯᠠᠴᠢᠯᠡᠬᠦ ᠬᠤᠷᠰᠢᠶ᠎ᠠ ᠶᠢ ᠡᠭᠦᠳᠣᠨ ᠪᠠᠶᠢᠭᠤᠯᠵᠣ | ᠮᠣᠩᠭᠤᠯ ᠳᠡᠣᠬᠡ ᠰᠣᠶᠣᠯ ᠤᠨ ᠡᠯᠧᠮᠧᠨ᠋ᠲ ᠲᠠᠢ ᠠᠵᠢᠯ ᠡᠷᠬᠢᠯᠡᠬᠦ ᠳᠢᠩᠬᠢᠮ᠂ ᠮᠣᠩᠭᠤᠯ ᠣᠯᠠᠮᠵᠢᠯᠠᠯᠳᠣ ᠰᠣᠶᠣᠯ | ᠪᠣᠯᠣᠨ ᠢᠳᠡᠬᠡᠮᠵᠢ ᠶᠢᠨ ᠬᠤᠷᠰᠢᠶᠠᠨ ᠤ ᠬᠦᠭᠵᠢᠯᠳᠡ ᠬᠤᠪᠢᠷᠠᠯᠳᠠ ᠶᠢ ᠬᠠᠷᠠᠭᠤᠯᠣᠭᠰᠠᠨ ᠳᠡᠯᠬᠡᠨ ᠦᠵᠡᠬᠦᠯᠦᠯᠭᠡ | ᠶᠢᠨ ᠳᠢᠩᠬᠢᠮ᠂ ᠳᠣᠬᠠᠶᠢᠯᠠᠭᠰᠠᠨ ᠠᠵᠢᠯ ᠵᠦᠪᠳᠡᠬᠦ ᠮᠣᠩᠭᠤᠯ ᠭᠡᠷ ᠵᠡᠷᠭᠡ ᠳᠣᠬᠢᠯᠢᠭ ᠣᠷᠴᠢᠨ ᠢ ᠪᠦᠷᠢᠯᠳᠣᠬᠦᠯᠵᠣ | ᠮᠣᠩᠭᠤᠯ ᠦᠨᠳᠣᠰᠣᠳᠡᠨ ᠤ ᠣᠯᠠᠮᠵᠢᠯᠠᠯᠳᠣ ᠰᠣᠶᠣᠯ ᠢ ᠵᠠᠯᠭᠠᠮᠵᠢᠯᠠᠨ ᠬᠦᠭᠵᠢᠬᠦᠯᠵᠣ ᠦᠨᠳᠣᠰᠣᠳᠡᠨ ᠤ ᠪᠦᠯᠬᠦᠮᠳᠡᠯ | ᠪᠣᠯᠣᠨ ᠠᠵᠣ ᠠᠬᠤᠢ ᠶᠢᠨ ᠬᠦᠭᠵᠢᠯᠳᠡ ᠶᠢ ᠳᠦᠯᠬᠢᠨ ᠠᠬᠢᠭᠤᠯᠬᠤ ᠳᠤ ᠰᠠᠭᠤᠷᠢ ᠳᠠᠯᠪᠢᠭᠰᠠᠨ ᠪᠠᠶᠢᠨ᠎ᠠ᠃ | |