ᠲᠤᠭ ᠪᠠᠯᠭᠠᠰᠤ ᠣᠯᠠᠨ ᠳᠦᠮᠡᠨ ᠤ ᠰᠠᠨᠠᠭᠠᠨ ᠳᠤ ᠳᠣᠬᠢᠷᠠᠭᠰᠠᠨ ᠭᠤᠣᠯ ᠰᠡᠲᠦᠪᠲᠦ ᠬᠦᠮᠦᠵᠢᠯ ᠤᠨ ᠠᠵᠢᠯᠯᠠᠭ᠎ᠠ ᠶᠢ ᠦᠷᠨᠢᠬᠦᠯᠵᠣ ᠪᠠᠶᠢᠨ᠎ᠠ
ᠨᠡᠶᠢᠲᠡᠯᠡᠭᠰᠡᠨ ᠴᠠᠭ᠄
2019/11/14
     ᠣᠶᠢᠷ᠎ᠠ ᠶᠢᠨ ᠡᠳᠦᠷ᠂ ᠲᠤᠭ ᠪᠠᠯᠭᠠᠰᠤᠨ ᠳᠤ ︽ᠣᠭ ᠰᠠᠨᠠᠭ᠎ᠠ ᠪᠠᠨ ᠦᠯᠣ ᠮᠡᠷᠳᠡᠵᠤ ᠡᠬᠦᠷᠭᠡ ᠬᠠᠷᠢᠭᠤᠴᠠᠯᠭ᠎ᠠ ᠪᠠᠨ ᠪᠡᠳᠣ ᠴᠡᠭᠡᠵᠢᠯᠡᠬᠦ︾ ᠭᠤᠣᠯ ᠰᠡᠲᠦᠪᠲᠦ ᠬᠦᠮᠦᠵᠢᠯ ᠤᠨ ᠠᠵᠢᠯᠯᠠᠭᠠᠨ ᠤ ᠰᠤᠳᠤᠯᠤᠨ ᠰᠤᠷᠤᠯᠴᠠᠬᠤ ᠭᠤᠷᠪᠠᠳᠤᠭᠠᠷ ᠬᠤᠭᠤᠴᠠᠭᠠᠨ ᠤ ᠬᠢᠴᠢᠶᠡᠯ ᠵᠢᠩᠬᠢᠨᠢ ᠪᠠᠷ ᠡᠬᠢᠯᠠᠵᠣ ᠣᠯᠠᠨ ᠳᠦᠮᠡᠨ ᠤ ᠰᠠᠳᠬᠢᠯ ᠰᠠᠨᠠᠭᠠᠨ ᠳᠤ ᠣᠨᠣᠭᠳᠠᠭᠰᠠᠨ ᠪᠣᠳᠡᠳᠡᠢ ᠠᠵᠢᠯᠯᠠᠭ᠎ᠠ ᠪᠣᠯᠣᠯ᠎ᠠ᠃
     ᠠᠵᠢᠯᠯᠠᠭᠠᠨ ᠳᠤ᠂ ᠳᠤᠭ ᠪᠠᠯᠭᠠᠰᠣᠨ ᠳᠤ ᠰᠠᠭᠤᠷᠢᠰᠢᠵᠣ ᠪᠠᠶᠢᠭ᠎ᠠ ᠵᠦᠩ ᠲᠢᠶᠠᠨ ᠾᠧ ᠴᠤᠸᠠᠩ ᠺᠤᠮᠫᠠᠨᠢ᠂ ᠵᠦᠩ ᠮᠸᠢ ᠪᠦᠯᠣᠭ᠍ᠯᠡᠯ ᠤᠨ ᠬᠢᠮᠢ ᠶᠢᠨ ᠪᠤᠷᠳᠤᠭᠤᠷ ᠤᠨ ᠲᠦᠷᠦᠯ ᠵᠦᠢᠯ᠂ ᠬᠤᠯᠤᠰᠤ ᠨᠡᠭᠦᠷᠡᠰᠦᠨ ᠠᠭᠤᠷᠬᠠᠢ ᠵᠡᠷᠭᠡ ᠲᠣᠮᠣ ᠬᠡᠯᠪᠡᠷᠢ ᠶᠢᠨ ᠠᠵᠤ ᠠᠬᠤᠶᠢᠯᠠᠯ ᠤᠨ ᠬᠠᠷᠢᠭᠤᠴᠠᠯᠭᠠᠲᠠᠨ᠂ ᠲᠤᠭ ᠪᠠᠯᠭᠠᠰᠤᠨ ᠤ ᠪᠦᠬᠦ ᠳᠡᠳ᠋ ᠰᠠᠯᠠᠭᠠᠨ ᠳᠡᠰ ᠠᠴᠠ ᠳᠡᠭᠡᠭᠰᠢᠬᠢ ᠺᠠᠳ᠋ᠷ᠂ ᠬᠤᠯᠤᠰᠤ ᠳᠣᠰᠬᠤᠨ ᠤ ︽ᠭᠤᠷᠪᠠᠨ ᠵᠥᠪᠯᠡᠯ︾ ᠤᠨ ᠪᠦᠷᠢᠯᠳᠦᠭᠦᠨ᠂ ᠬᠡᠰᠡᠭ ᠨᠠᠮ ᠤᠨ ᠬᠡᠰᠢᠭᠦᠨ ᠤ ᠲᠥᠯᠥᠭᠡᠯᠡᠭᠴᠢ ᠣᠷᠣᠯᠴᠠᠵᠣ ᠵᠦᠩ ᠮᠸᠢ ᠪᠦᠯᠣᠭ᠍ᠯᠡᠯ ᠤᠨ ᠣᠷᠳᠣᠰ ᠡᠨᠧᠷᠬᠢ ᠬᠢᠮᠢ ᠶᠢᠨ ᠠᠵᠤ ᠦᠢᠯᠡᠳᠪᠦᠷᠢ ᠶᠢᠨ ᠬᠢᠵᠠᠭᠠᠷᠲᠤ ᠺᠣᠮᠫᠠᠨᠢ ᠶᠢᠨ ᠶᠡᠷᠦᠩᠬᠡᠢ ᠵᠠᠬᠢᠷᠤᠯ ᠵᠠᠩ ᠪᠤᠣ ᠲᠠᠢ ᠠᠴᠠ ︽ᠣᠨᠣᠯ ᠪᠠ ᠦᠢᠯᠡᠳᠦᠯᠭᠡ ᠶᠢ ᠨᠢᠭᠡᠳᠦᠭᠦᠯᠬᠦ︾ ᠭᠤᠣᠯ ᠰᠡᠲᠦᠪ ᠤᠨ ᠲᠤᠭᠤᠷᠢᠨ ᠳᠤ ᠨᠠᠮ ᠤᠨ ᠬᠢᠴᠢᠶᠡᠯ ᠶᠠᠷᠢᠨ ᠳᠠᠶᠢᠯᠪᠣᠷᠢᠯᠠᠭᠰᠠᠨ ᠤ ᠬᠠᠮᠳᠣ ᠣᠯᠠᠨ ᠳᠦᠮᠡᠨ ᠤ ᠰᠡᠳᠬᠢᠯ ᠰᠠᠨᠠᠭᠠᠨ ᠳᠤ ᠳᠣᠬᠢᠷᠠᠭᠰᠠᠨ ᠣᠨᠣᠪᠴᠢᠳᠡᠢ ᠲᠤᠰᠬᠠᠢ ᠰᠡᠲᠦᠪᠲᠦ ᠰᠤᠳᠤᠯᠤᠨ ᠰᠣᠷᠣᠯᠴᠠᠬᠤ ᠠᠵᠢᠯᠯᠠᠭ᠎ᠠ ᠦᠷᠨᠢᠬᠦᠯᠣᠭ᠍ᠰᠠᠨ ᠪᠠᠶᠢᠨ᠎ᠠ᠃ ᠲᠤᠰᠬᠠᠢ ᠰᠡᠲᠦᠪᠲᠦ ᠰᠤᠳᠤᠯᠤᠨ ᠰᠣᠷᠣᠯᠴᠠᠬᠤ ᠠᠵᠢᠯᠯᠠᠭ᠎ᠠ ᠳᠤ ᠲᠤᠭ ᠪᠠᠯᠭᠠᠰᠤᠨ ᠤ ᠪᠣᠳᠡᠲᠤ ᠪᠠᠶᠢᠳᠡᠯ ᠳᠤ ᠳᠣᠬᠢᠷᠠᠭᠰᠠᠨ ᠬᠦᠭᠵᠢᠬᠦᠯᠣᠯᠳᠡ ᠶᠢᠨ ᠠᠷᠭ᠎ᠠ ᠪᠣᠳᠣᠯᠭ᠎ᠠ ᠶᠢ ᠬᠠᠮᠳᠣᠪᠡᠷ ᠰᠣᠳᠣᠯᠣᠨ ᠶᠠᠷᠢᠯᠴᠠᠵᠣ ᠭᠤᠣᠯ ᠰᠡᠲᠦᠪᠲᠦ ᠬᠦᠮᠦᠵᠢᠯ ᠢ ᠥᠷᠨᠢᠭᠦᠯᠬᠦ  ᠳᠤ ᠪᠠᠨ ᠶᠠᠳᠠᠭᠤ ᠠᠴᠠ ᠠᠩᠭᠢᠵᠢᠷᠠᠭᠤᠯᠵᠤ ᠪᠣᠭᠤᠮᠲᠠ ᠰᠢᠪᠲᠤᠯᠬᠤ ᠪᠠ ᠬᠥᠳᠡᠭᠡ ᠲᠤᠰᠬᠤᠨ ᠢ ᠬᠥᠭᠵᠢᠭᠦᠯᠦᠨ ᠮᠠᠨᠳᠤᠭᠤᠯᠬᠤ ᠵᠡᠷᠭᠡ ᠶᠢ ᠲᠤᠬᠠᠢ ᠶᠢᠨ ᠭᠠᠵᠠᠷ ᠤᠨ ᠥᠭᠡᠷᠡᠴᠢᠯᠡᠯᠲᠡ ᠬᠥᠭᠵᠢᠯᠲᠡ ᠤᠨ ᠡᠯ᠎ᠡ ᠵᠦᠢᠯ ᠤᠨ ᠡᠭᠦᠷᠭᠡ ᠲᠠᠢ ᠤᠶᠠᠯᠳᠤᠭᠤᠯᠵᠤ ᠦᠨᠳᠦᠰᠦᠨ ᠱᠠᠲᠤᠨ ᠤ ᠨᠠᠮ ᠤᠨ ᠬᠡᠰᠢᠭᠦᠨ᠂ ᠣᠯᠠᠨ ᠲᠥᠮᠡᠨ ᠤ ᠰᠠᠨᠠᠯ ᠰᠠᠨᠠᠭᠤᠯᠤᠮᠵᠢ ᠶᠢ ᠰᠣᠨᠣᠰᠤᠨ ᠠᠰᠠᠭᠤᠳᠠᠯ ᠢ ᠢᠯᠡ ᠪᠠᠷ ᠰᠢᠢᠳᠪᠦᠷᠢᠯᠡᠨ ᠦᠬᠡᠷᠡᠴᠢᠯᠡᠨ ᠴᠡᠭᠴᠡᠯᠡᠵᠣ ᠣᠯᠠᠨ ᠲᠥᠮᠡᠨ ᠤ ᠰᠠᠨᠠᠭᠠᠰᠢᠷᠠᠵᠤ ᠪᠠᠶᠢᠭ᠎ᠠ ᠠᠰᠠᠭᠤᠳᠠᠯ ᠢ ᠪᠤᠲᠠᠲᠠᠢ ᠪᠠᠷ ᠰᠢᠢᠳᠪᠦᠷᠢᠯᠡᠬᠦ ᠶᠢ ᠪᠠᠷᠢᠮᠳᠡᠯᠠᠵᠣ ᠣᠯᠠᠨ ᠲᠥᠮᠡᠨ ᠳᠤ ᠭᠤᠣᠯ ᠰᠡᠲᠦᠪᠲᠦ ᠬᠦᠮᠦᠵᠢᠯ ᠤᠨ ᠠᠵᠢᠯᠯᠠᠭᠠᠨ ᠤ ᠪᠣᠳᠡᠳᠣ ᠬᠤᠪᠢᠷᠠᠯᠳᠠ ᠪᠣᠳᠡᠳᠣ ᠠᠰᠢᠭ ᠢ ᠬᠦᠷᠳᠡᠭᠡᠬᠦ ᠶᠢ ᠱᠠᠭᠠᠷᠳᠡᠭ᠌ᠰᠠᠨ ᠪᠠᠶᠢᠨ᠎ᠠ᠃  
     ᠠᠵᠢᠯᠯᠠᠭᠠᠨ ᠳᠤ ᠪᠠᠰᠠ ᠳᠤᠭ ᠪᠠᠯᠭᠠᠰᠣᠨ ᠤ ᠭᠤᠤᠯᠳᠠᠯᠭᠠᠲᠤ ᠠᠵᠣ ᠠᠬᠤᠶᠢᠯᠡᠯ ᠰᠠᠭᠤᠷᠢᠰᠢᠵᠣ ᠪᠠᠶᠢᠭ᠎ᠠ ᠬᠤᠯᠣᠰᠣ ᠳᠣᠰᠬᠤᠨ ᠤ ᠵᠦᠪᠯᠡᠯ ᠠᠴᠠ S313 ᠱᠤᠭᠤᠮ ᠬᠦᠷᠬᠦ ᠵᠠᠮ ᠳᠠᠭᠠᠣ ᠳᠤ ᠵᠠᠮ ᠤᠨ ᠳ᠋ᠧᠩ ᠣᠭᠰᠠᠷᠠᠬᠤ ᠵᠡᠷᠭᠡ ᠣᠯᠠᠨ ᠲᠥᠮᠡᠨ ᠤ ᠲᠤᠰᠬᠠᠭᠰᠠᠨ ᠪᠤᠳᠡᠳᠣ ᠠᠰᠠᠭᠤᠳᠠᠯ ᠳᠤ ᠬᠠᠨᠳᠤᠭᠤᠯᠤᠨ ᠲᠤᠬᠠᠢ ᠶᠢᠨ ᠲᠠᠯᠠᠪᠠᠢ ᠳᠤ ᠬᠦᠷᠴᠦ ᠵᠠᠮ ᠤᠨ ᠳ᠋ᠧᠩ ᠢ ᠤᠭᠰᠠᠷᠠᠵᠤ ᠦᠭᠭᠦᠭᠰᠡᠨ ᠪᠠᠶᠢᠨ᠎ᠠ᠃
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ