ᠤᠯᠤᠰ ᠤᠨ ᠲᠡᠷᠢᠬᠦᠯᠡᠭᠴᠢ ᠰᠢ ᠶᠢᠨ ᠫᠢᠩ ᠭᠷᠧᠭ ᠲᠠᠬᠢ ᠲᠦᠷᠦ ᠶᠢᠨ ᠶᠠᠪᠤᠳᠠᠯ ᠤᠨ ᠠᠶᠢᠯᠴᠢᠯᠠᠯᠳᠡ ᠪᠠᠨ | ᠲᠡᠬᠦᠰᠭᠡᠵᠥ᠂ ᠪᠷᠠᠽᠢᠯ ᠳᠤ ᠬᠦᠷᠴᠦ ᠠᠯᠳᠠᠨ ᠲᠤᠭᠤᠰᠬ᠎ᠠ ᠤᠯᠤᠰ ᠤᠳ ᠤᠨ ᠤᠳᠤᠷᠢᠳᠬᠤ ᠬᠦᠮᠥᠰ ᠤᠨ ᠠᠷᠪᠠᠨ | ᠨᠢᠬᠡᠳᠤᠭᠡᠷ ᠤᠳᠠᠭ᠎ᠠ ᠶᠢᠨ ᠠᠭᠤᠯᠵᠠᠯᠳᠡ ᠳᠤ ᠤᠷᠤᠯᠴᠠᠭᠠᠳ᠂ 11 ᠰᠠᠷ᠎ᠠ ᠶᠢᠨ 17 ᠤ ᠡᠳᠤᠷ ᠪᠡᠭᠡᠵᠢᠩ ᠳᠤ | ᠪᠤᠴᠠᠵᠥ ᠢᠷᠡᠪᠡ᠃ | ᠲᠡᠷᠢᠬᠦᠯᠡᠭᠴᠢ ᠰᠢ ᠶᠢᠨ ᠫᠢᠩ ᠤᠨ ᠬᠠᠳᠤᠨ ᠫᠧᠩ ᠯᠢ ᠶᠤᠸᠠᠨ᠂ ᠨᠠᠮ ᠤᠨ ᠲᠦᠪ ᠬᠤᠷᠢᠶᠡᠨ ᠤ ᠤᠯᠤᠰ | ᠲᠦᠷᠦ ᠶᠢᠨ ᠲᠤᠪᠴᠢᠶᠠᠨ ᠤ ᠬᠡᠰᠢᠬᠦᠨ᠂ ᠲᠦᠪ ᠤᠨ ᠱᠦᠵᠢ ᠨᠠᠷ ᠤᠨ ᠭᠠᠵᠠᠷ ᠤᠨ ᠱᠦᠵᠢ᠂ ᠨᠠᠮ ᠤᠨ ᠲᠦᠪ | ᠬᠤᠷᠢᠶᠠᠨ ᠤ ᠠᠯᠪᠠᠨ ᠲᠢᠩᠬᠢᠮ ᠤᠨ ᠡᠷᠬᠢᠯᠡᠭᠴᠢ ᠳ᠋ᠢᠩ ᠰᠢᠤᠸᠠᠢ ᠰᠢᠶᠠᠩ᠂ ᠨᠠᠮ ᠤᠨ ᠲᠦᠪ ᠬᠤᠷᠢᠶᠡᠨ ᠤ ᠤᠯᠤᠰ | ᠲᠦᠷᠦ ᠶᠢᠨ ᠲᠤᠪᠴᠢᠶᠠᠨ ᠤ ᠬᠡᠰᠢᠬᠦᠨ᠂ ᠲᠦᠪ ᠤᠨ ᠭᠠᠳᠠᠭᠠᠳᠤ ᠶᠠᠪᠤᠳᠠᠯ ᠤᠨ ᠠᠵᠢᠯ ᠤᠨ ᠵᠦᠪᠯᠡᠯ ᠤᠨ ᠠᠯᠪᠠᠨ | ᠬᠡᠷ ᠤᠨ ᠡᠷᠬᠢᠯᠡᠭᠴᠢ ᠶᠠᠩ ᠵᠢᠶᠧ ᠤᠤᠢ᠂ ᠲᠦᠷᠦ ᠶᠢᠨ ᠶᠠᠪᠤᠳᠠᠯ ᠤᠨ ᠭᠡᠰᠢᠭᠦᠨ ᠪᠦᠭᠡᠳ ᠭᠠᠳᠠᠭᠠᠳᠦ ᠶᠠᠪᠤᠳᠠᠯ ᠤᠨ | ᠶᠠᠮᠤᠨ ᠤ ᠰᠠᠶᠢᠳ ᠸᠠᠩ ᠢ᠂ ᠪᠦᠬᠦ ᠤᠯᠤᠰ ᠤᠨ ᠤᠯᠤᠰ ᠲᠦᠷᠦ ᠶᠢᠨ ᠵᠦᠪᠯᠡᠯᠬᠡᠨ ᠤ ᠲᠡᠳ᠋ ᠲᠡᠷᠢᠬᠦᠯᠡᠭᠴᠢ᠂ | ᠤᠯᠤᠰ ᠤᠨ ᠬᠦᠭᠵᠢᠬᠦᠯᠥᠯᠳᠡ ᠪᠠ ᠦᠬᠡᠷᠡᠴᠢᠯᠡᠯᠳᠡ ᠶᠢᠨ ᠵᠦᠪᠯᠡᠯ ᠤᠨ ᠡᠷᠬᠢᠯᠡᠭᠴᠢ ᠡᡁᠧ ᠯᠢ ᠹᠧᠩ ᠵᠡᠷᠬᠡ ᠪᠠᠷ᠎ᠡ | ᠪᠤᠯᠤᠬᠰᠠᠳ ᠨᠢᠰᠬᠡᠯ ᠢᠶᠠᠷ ᠬᠠᠮᠳᠤ ᠪᠤᠴᠠᠵᠥ ᠢᠷᠡᠵᠡᠢ᠃ | ᠲᠤᠬᠠᠢ ᠶᠢᠨ ᠭᠠᠵᠠᠷ ᠤᠨ ᠴᠠᠭ ᠢᠶᠠᠷ 11 ᠰᠠᠷ᠎ᠠ ᠶᠢᠨ 15 ᠤ ᠡᠳᠤᠷ᠂ ᠰᠢ ᠶᠢᠨ ᠫᠢᠩ ᠪᠷᠠᠽᠢᠯᠢᠶ᠎ᠠ ᠠᠴᠠ | ᠮᠤᠷᠳᠠᠵᠥ ᠤᠯᠤᠰ ᠲᠠᠭᠠᠨ ᠪᠤᠴᠠᠪᠠ᠂ ᠪᠷᠠᠽᠢᠯ ᠤᠨ ᠵᠠᠰᠠᠭ ᠤᠨ ᠤᠷᠳᠤᠨ ᠤ ᠲᠡᠬᠡᠳᠤ ᠵᠡᠷᠬᠡ ᠶᠢᠨ ᠠᠯᠪᠠᠨ | ᠲᠤᠰᠢᠶᠠᠯᠳᠠᠨ ᠨᠢᠰᠬᠡᠯ ᠤᠨ ᠪᠠᠭᠤᠳᠠᠯ ᠳᠤ ᠬᠦᠷᠴᠦ ᠦᠳᠡᠨ ᠮᠤᠷᠳᠠᠭᠤᠯᠵᠠᠢ᠃ | ᠤᠯᠤᠰ ᠲᠠᠭᠠᠨ ᠪᠤᠴᠠᠬᠤ ᠵᠠᠮ ᠳᠠᠭᠠᠨ᠂ ᠰᠢ ᠶᠢᠨ ᠫᠢᠩ ᠢᠰᠫᠠᠨᠢ ᠶᠢᠨ ᠲᠧᠨᠧᠷᠢᠹᠧ ᠠᠷᠠᠯ ᠳᠤ ᠲᠦᠷ | ᠰᠠᠭᠠᠳᠠᠵᠠᠢ᠃ |